ᠣᠰᠣᠨ ᠤ ᠡᠬᠢ ᠪᠠᠶᠠᠯᠢᠭ ᠢ ᠬᠠᠮᠠᠭᠠᠯᠠᠬᠤ ᠴᠡᠭᠡᠷ ᠶᠣᠰᠣᠨ
ᠨᠡᠶᠢᠲᠡᠯᠡᠭᠰᠡᠨ ᠴᠠᠭ᠄
2019/11/20
ᠮᠣᠩᠭᠤᠯᠴᠣᠳ ᠤᠨ ᠲᠠᠷᠬᠠᠨ ᠰᠠᠭᠤᠷᠢᠰᠢᠵᠦ ᠪᠠᠶᠢᠭ᠎ᠠ ᠭᠠᠵᠠᠷ ᠨᠤᠲᠤᠭ ᠪᠣᠯ ᠭᠠᠩ ᠬᠠᠭᠤᠷᠠᠢ ᠪᠤᠶᠤ ᠵᠠᠷᠢᠮᠳᠠᠭ ᠬᠠᠭᠤᠷᠠᠢ ᠣᠷᠣᠨ ᠳᠤ ᠪᠠᠭᠳᠠᠵᠦ᠂ ᠬᠤᠷ᠎ᠠ ᠲᠣᠨᠣᠳᠠᠰᠣ ᠴᠦᠬᠡᠨ᠂ ᠣᠰᠣ ᠣᠮᠳᠠ ᠳᠣᠲᠠᠭᠳᠠᠳᠠᠭ ᠲᠣᠯᠠ ᠲᠡᠳᠡ ᠣᠰᠣ ᠶᠢ ᠠᠷᠪᠢᠯᠠᠬᠤ ᠪᠠ ᠭᠤᠣᠯ ᠤᠨ ᠣᠰᠣ᠂ ᠪᠣᠯᠠᠭ ᠤᠨ ᠣᠰᠣᠨ ᠤ ᠠᠷᠢᠭᠤᠨ ᠴᠡᠪᠡᠷ ᠢ ᠬᠠᠮᠠᠭᠠᠯᠠᠬᠤ ᠵᠠᠩᠰᠢᠯ  ᠲᠠᠢ ᠪᠠᠶᠢᠵᠦ᠂ ᠣᠰᠣ ᠶᠢ ᠠᠮᠢ ᠨᠠᠰᠣᠨ ᠤ ᠡᠬᠢ ᠪᠣᠯᠠᠭ ᠭᠡᠵᠤ ᠦᠵᠡᠳᠡᠭ᠃ ᠮᠤᠩᠭᠤᠯᠴᠣᠳ ᠣᠰᠣᠨ ᠳᠤ ᠰᠢᠭᠡᠵᠦ ᠭᠠᠲᠠᠭᠠᠯᠠᠬᠤ ᠶᠢ ᠴᠡᠭᠡᠷᠯᠡᠨ᠎ᠡ᠃ ᠣᠰᠣ ᠶᠢ ᠪᠢᠲᠡᠭᠦᠯᠡᠵᠦ ᠠᠪᠬᠤ ᠦᠭᠡᠢ᠂ ᠡᠷᠬᠡᠪᠰᠢ ᠰᠠᠪᠠ ᠰᠠᠭᠤᠯᠠᠭ᠎ᠠ ᠪᠠᠷ ᠠᠪᠳᠠᠭ᠃ ᠡᠵᠡᠨ ᠴᠢᠩᠬᠢᠰ ᠤᠨ ᠦᠶ᠎ᠡ ᠳᠤ ᠭᠤᠣᠯ ᠤᠨ ᠣᠰᠣᠨ ᠳᠤ ᠪᠡᠶ᠎ᠡ ᠣᠬᠢᠶᠠᠬᠤ᠂ ᠬᠤᠪᠴᠠᠰᠣ ᠣᠬᠢᠶᠠᠬᠤ ᠪᠠ ᠪᠣᠬᠢᠷ ᠣᠰᠣ ᠠᠰᠬᠠᠬᠤ ᠶᠢ ᠴᠡᠭᠡᠷᠯᠡᠳᠡᠭ ᠢᠶᠠᠷ ᠪᠠᠷᠠᠬᠤ ᠦᠭᠡᠢ ᠵᠦᠷᠢᠴᠡᠭᠰᠡᠳ ᠢ ᠬᠦᠨᠳᠦ ᠪᠠᠷ ᠰᠢᠳᠬᠡᠳᠡᠭ ᠪᠠᠶᠢᠵᠠᠢ︔ ᠣᠴᠢᠷ ᠨᠢ ᠡᠴᠢᠭᠡ ᠲᠡᠭᠷᠢ ᠴᠦ ᠠᠭᠤᠷᠯᠠᠵᠦ ᠡᠪᠦᠯ ᠤᠨ ᠴᠠᠭ ᠲᠤ ᠴᠦ ᠠᠶᠣᠩᠭ᠎ᠠ ᠲᠣᠣᠭᠠᠷᠣᠨ᠎ᠠ ᠭᠡᠳᠡᠭ᠃ ᠪᠣᠯᠠᠭ ᠤᠨ ᠣᠰᠣᠨ ᠳᠤ ᠪᠣᠵᠠᠷ ᠶᠠᠭᠤᠮ᠎ᠠ ᠬᠢᠬᠦ ᠪᠣᠶᠣ ᠰᠦ ᠳᠣᠰᠣᠯᠭᠠᠵᠦ ᠪᠣᠯᠬᠤ ᠦᠭᠡᠢ᠂ ᠡᠰᠡ ᠲᠡᠭᠡᠪᠡᠯ ᠪᠣᠯᠠᠭ  ᠤᠨ ᠣᠰᠣ ᠶᠢ ᠪᠣᠬᠢᠷᠲᠣᠭᠤᠯᠵᠦ᠂ ᠣᠰᠣᠨ ᠤ ᠰᠠᠬᠢᠭᠤᠰᠣ ᠶᠢ ᠠᠭᠤᠷᠯᠠᠭᠤᠯᠬᠤ ᠪᠣᠯᠣᠨ᠎ᠠ ᠬᠡᠳᠡᠭ᠃ ᠪᠣᠯᠠᠭ ᠤᠨ ᠣᠷᠴᠢᠨ ᠲᠣᠭᠤᠷᠢᠨ ᠳᠠᠬᠢ ᠮᠣᠭᠠᠢ ᠮᠡᠯᠡᠬᠡᠢ ᠶᠢ ᠠᠯᠠᠵᠦ ᠪᠣᠯᠬᠤ ᠦᠭᠡᠢ᠂ ᠡᠰᠡ ᠲᠡᠭᠡᠪᠡᠯ ᠯᠣᠣᠰ ᠤᠨ ᠡᠵᠡᠳ ᠰᠠᠬᠢᠭᠤᠰᠣ ᠵᠠᠶᠢᠯᠠᠨ᠎ᠠ ᠭᠡᠳᠡᠭ︔ ᠮᠠᠯ ᠢ ᠪᠣᠯᠠᠭ ᠤᠨ ᠡᠬᠢ ᠠᠴᠠ ᠣᠰᠣᠯᠠᠵᠦ ᠪᠣᠯᠬᠤ ᠦᠭᠡᠢ᠂ ᠣᠴᠢᠷ ᠨᠢ ᠣᠨᠴᠠᠭᠠᠢ ᠡᠮ ᠤᠨ ᠦᠢᠯᠡᠳᠣᠯ ᠲᠠᠢ ᠪᠣᠯᠠᠭ ᠤᠨ ᠣᠰᠦ ᠶᠢ ᠪᠣᠯᠠᠭ ᠤᠨ ᠡᠬᠢᠨ ᠳᠤ ᠣᠰᠣᠯᠠᠬᠤ ᠨᠢ ᠵᠣᠬᠢᠰ ᠦᠭᠡᠢ ᠭᠡᠳᠡᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号