ᠠᠩ ᠠᠮᠢᠲᠠᠨ ᠤ ᠴᠡᠭᠡᠷ ᠶᠣᠰᠣᠨ
ᠨᠡᠶᠢᠲᠡᠯᠡᠭᠰᠡᠨ ᠴᠠᠭ᠄
2019/11/20
  ᠮᠣᠩᠭᠤᠯᠴᠣᠳ ᠶᠡᠷᠣᠳᠡᠭᠡᠨ ᠬᠠᠪᠣᠷ᠂ ᠵᠣᠨ ᠠᠷᠢᠶᠠᠲᠡᠨ ᠵᠢᠭᠦᠷᠲᠡᠨ ᠤ ᠲᠦᠷᠣᠵᠦ ᠦᠷᠡᠵᠢᠬᠦ ᠴᠠᠭ ᠲᠤ ᠠᠩᠨᠠᠳᠠᠭ ᠦᠭᠡᠢ᠃ ᠰᠠᠷ᠎ᠠ ᠪᠦᠷᠢ ᠶᠢᠨ ᠰᠢᠨ᠎ᠡ ᠶᠢᠨ ᠨᠠᠶᠢᠮᠠᠨ᠂ ᠠᠷᠪᠠᠨ ᠲᠠᠪᠣᠨ᠂ ᠭᠤᠴᠢᠨ ᠳᠤ ᠠᠩᠨᠠᠬᠤ ᠶᠢ ᠴᠭᠡᠷᠯᠡᠨ᠎ᠡ᠃   ᠬᠦᠷᠢᠶ᠎ᠡ ᠠᠪᠠ ᠬᠢᠬᠦ ᠳᠤ ᠬᠤᠮᠢᠵᠦ ᠠᠪᠴᠢᠷᠠᠭᠰᠠᠨ ᠠᠷᠢᠶᠠᠲᠡᠨ ᠢᠶᠠᠨ ᠳᠠᠭᠤᠰᠬᠠᠨ ᠠᠩᠨᠠᠳᠠᠭ ᠪᠢᠰᠢ᠂ ᠬᠠᠷᠢᠨ ᠶᠡᠬᠡᠩᠬᠢ ᠶᠢ ᠨᠢ ᠲᠠᠯᠪᠢᠵᠦ ᠶᠠᠪᠣᠭᠤᠯᠳᠠᠭ᠃ ᠨᠢᠯᠬ᠎ᠠ ᠲᠦᠯ᠂ ᠬᠡᠬᠡᠯ ᠲᠠᠢ᠂ ᠬᠦᠬᠦᠭᠦᠯ ᠠᠮᠢᠲᠠᠨ ᠢ ᠠᠩᠨᠠᠬᠤ ᠦᠭᠡᠢ ᠮᠦᠷᠳᠡᠭᠡᠨ ᠰᠣᠴᠢᠭᠠᠨ ᠦᠷᠭᠦᠭᠡᠬᠦ ᠶᠢ ᠴᠦ ᠴᠡᠭᠡᠷᠯᠡᠨ᠎ᠡ᠂ ᠡᠰᠨ ᠲᠡᠭᠡᠪᠡᠯ ᠠᠩ ᠤᠨ ᠲᠡᠭᠷᠢ ᠬᠠᠶᠠᠵᠦ ᠠᠷᠢᠶᠠᠲᠡᠨ ᠵᠢᠭᠦᠷᠲᠡᠨ ᠬᠤᠪᠣᠷᠲᠠᠨ᠎ᠠ ᠭᠡᠳᠡᠭ᠃ ᠴᠢᠨ᠋ᠸ᠎ᠠ᠂ ᠦᠨᠡᠭᠡ ᠶᠢ ᠬᠠᠷᠪᠣᠨ ᠠᠯᠠᠬᠤ ᠶᠢ ᠴᠡᠭᠡᠷᠯᠡᠳᠡᠭ᠃ ᠬᠠᠪᠬ᠎ᠠ ᠪᠠᠷ ᠬᠡᠷᠢᠶ᠎ᠡ ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂ ᠡᠭᠦᠨ ᠢ ᠠᠩ ᠬᠤᠮᠰᠠᠳᠠᠵᠦ᠂ ᠣᠯᠵᠠ ᠦᠭᠡᠢ ᠬᠠᠷᠢᠬᠤ ᠶᠢᠨ ᠲᠡᠮᠳᠡᠭ ᠭᠡᠵᠦ ᠦᠵᠡᠳᠡᠭ᠃ ᠮᠠᠩᠭᠢᠰᠣ ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂ ᠡᠰᠨ ᠲᠡᠭᠡᠪᠡᠯ ᠲᠦᠷᠣᠯ ᠰᠠᠲᠣᠨ ᠨᠢ ᠬᠠᠷᠢᠶᠠᠯ ᠳᠤ ᠣᠴᠠᠷᠠᠨ᠎ᠠ ᠭᠡᠳᠡᠭ᠃ ᠦᠨᠡᠭᠡ ᠶᠢᠨ ᠨᠦᠬᠡ ᠶᠢ ᠮᠠᠯᠲᠠᠬᠤ ᠶᠢ ᠴᠡᠭᠡᠷᠯᠡᠳᠡᠭ᠃ ᠡᠨᠡ ᠨᠢ ᠠᠮᠢ ᠨᠠᠰᠣᠨ ᠳᠤ ᠠᠶᠣᠯ ᠳᠣᠬᠢᠶᠠᠯᠳᠣᠬᠤ ᠮᠦᠷᠳᠡᠭᠡᠨ ᠠᠭᠤᠯᠠ ᠣᠰᠣᠨ ᠤ ᠣᠩᠭᠤᠳ ᠰᠠᠬᠢᠭᠤᠯᠰᠣᠨ ᠢ ᠠᠭᠤᠷᠯᠠᠭᠤᠯᠣᠨ᠎ᠠ ᠭᠡᠳᠡᠭ᠃ ᠬᠤᠣᠰᠯᠡᠨ ᠨᠢᠰᠴᠦ ᠪᠠᠶᠢᠭ᠎ᠠ ᠵᠢᠭᠦᠷᠲᠡᠨ ᠢ ᠠᠩᠨᠠᠬᠤ ᠶᠢ ᠴᠡᠭᠡᠷᠯᠡᠳᠡᠭ᠃ ᠨᠡᠭᠦᠳᠡᠯ ᠤᠨ ᠰᠢᠪᠠᠭᠤ ᠶᠢ ᠠᠯᠠᠬᠤ ᠶᠢ ᠴᠡᠭᠡᠷᠯᠡᠳᠡᠭ᠃ ᠬᠤᠨ ᠭᠠᠯᠠᠭᠤ ᠶᠢ ᠪᠡᠯᠭᠡᠲᠦ ᠵᠢᠭᠦᠷᠲᠡᠨ ᠭᠡᠵᠦ ᠦᠵᠡᠵᠦ ᠠᠯᠠᠬᠤ ᠶᠢ ᠴᠡᠭᠡᠷᠯᠡᠳᠡᠭ᠃ ᠲᠣᠭᠤᠷᠣᠣ ᠶᠢ ᠦᠷᠭᠦᠬᠡᠵᠦ ᠰᠣᠴᠢᠭᠠᠬᠤ ᠪᠣᠶᠣ ᠡᠭᠦᠷ ᠦᠨᠳᠡᠭᠡ ᠳᠤ ᠨᠢ ᠣᠶᠢᠷᠠᠲᠣᠬᠤ ᠶᠢ ᠴᠡᠭᠡᠷᠯᠡᠳᠡᠭ᠃ ᠰᠢᠪᠠᠭᠤᠨ ᠤ ᠡᠭᠦᠷ ᠢ ᠡᠪᠳᠡᠬᠦ ᠦᠭᠡᠢ᠂ ᠰᠢᠪᠠᠭᠤᠨ ᠤ ᠦᠨᠳᠡᠭᠡ ᠪᠠ ᠵᠣᠯᠵᠠᠭ᠎ᠠ ᠶᠢ ᠠᠪᠬᠤ ᠶᠢ ᠴᠡᠭᠡᠷᠯᠡᠳᠡᠭ᠃ ᠬᠦᠴᠦ ᠪᠠᠨ ᠡᠷᠭᠦᠭᠰᠡᠨ ᠬᠦᠯᠦᠰᠢᠨ ᠦᠬᠡᠷ᠂ ᠮᠣᠷᠢ ᠶᠢ ᠠᠯᠠᠵᠦ ᠢᠳᠡᠬᠦ ᠶᠢ ᠴᠡᠭᠡᠷᠯᠡᠨ᠎ᠡ︔ ᠡᠰᠡ ᠲᠡᠭᠡᠪᠡᠯ ᠠᠶᠢᠯ  ᠤᠨ ᠬᠡᠰᠢᠭ ᠨᠢ ᠵᠠᠶᠢᠯᠠᠨ᠎ᠠ ᠭᠡᠳᠡᠭ︔ ᠬᠤᠨᠢ᠂ ᠢᠮᠠᠭ᠎ᠠ ᠶᠢ ᠬᠦᠵᠦᠭᠦᠣ ᠶᠢ ᠨᠢ ᠣᠭᠳᠣᠯᠠᠵᠦ ᠠᠯᠠᠬᠤ ᠶᠢ ᠴᠡᠭᠡᠷᠯᠡᠨ᠎ᠡ︔ ᠠᠮᠢᠳᠠᠨ ᠪᠣᠯᠭᠠᠨ ᠤ ᠴᠢᠰᠣᠨ  ᠳᠤ ᠰᠦᠨᠡᠰᠦ ᠨᠢ ᠣᠷᠣᠰᠢᠨ᠎ᠠ ᠭᠡᠳᠡᠭ︔  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号