ᠲᠦᠷᠪᠠᠨ ᠰᠤᠬᠤᠷ ᠵᠠᠭᠠᠨ ᠲᠠᠮᠳᠡᠷᠢᠭᠰᠡᠨ ᠨᠢ
ᠨᠡᠶᠢᠲᠡᠯᠡᠭᠰᠡᠨ ᠴᠠᠭ᠄
2019-11-20
             ᠲᠦᠷᠪᠠᠨ ᠰᠤᠬᠤᠷ ᠵᠠᠮ ᠲᠠᠭᠡᠷ᠎ᠠ ᠮᠤᠳᠤᠨ ᠤ ᠰᠠᠭᠦᠳᠠᠷ ᠲᠤ ᠰᠠᠷᠢᠭᠦᠴᠠᠵᠤ ᠪᠠᠶᠢᠯ᠎ᠠ᠃ ᠵᠠᠮ ᠢᠶᠠᠷ ᠵᠠᠭᠠᠨ ᠳᠠᠭᠤᠭᠰᠠᠨ ᠭᠦᠮᠦᠨ ᠢᠷᠡᠪᠠ᠃ ︽ᠵᠠᠭᠠᠨ ᠢᠷᠡᠯ᠎ᠠ᠂ ᠵᠠᠶᠢᠯᠠ᠂ ᠵᠠᠶᠢᠯᠠ︕︾ ᠭᠡᠵᠤ ᠵᠠᠭᠠᠨ ᠲᠠᠭᠤᠭᠰᠠᠨ ᠭᠦᠮᠦᠨ ᠶᠡᠭᠡ ᠲᠠᠭᠤᠨ ᠢᠶᠠᠷ ᠬᠠᠰᠭᠢᠷᠪᠠ᠃ ᠡᠭᠦᠨ ᠳᠤ ᠲᠠᠳᠠ ᠲᠦᠷᠪᠠ ᠶᠢᠨ ᠨᠢᠭᠡ ᠨᠢ᠄ ︽ᠵᠠᠭᠠᠨ ᠭᠡᠳᠡᠭ ᠶᠠᠮᠠᠷ ᠠᠮᠢᠳᠠᠨ ᠪᠤᠯ ᠳ᠋ᠠ︖ ᠪᠢᠳᠠ ᠲᠠᠮᠳᠠᠷᠢᠵᠤ ᠦᠵᠡᠶ᠎ᠠ︾ ᠭᠡᠰᠡᠨ ᠳᠤ ᠪᠤᠰᠤᠳ ᠨᠢ ᠪᠠᠰᠠ᠄ ︽ᠲᠠᠭᠡᠶ᠎ᠠ᠂ ᠲᠠᠭᠡᠶ᠎ᠠ᠂ ᠲᠠᠮᠳᠠᠷᠢᠵᠤ ᠦᠵᠡᠪᠡᠯ ᠮᠠᠳᠡᠴᠢᠭᠡᠨ᠎ᠠ ᠳ᠋ᠠ︾ ᠭᠡᠵᠡᠭᠡᠪᠡ᠃      ᠲᠠᠳᠠ᠄ ︽ᠵᠠᠭᠠᠨ ᠢ ᠴᠢᠨᠢ ᠲᠠᠮᠳᠠᠷᠢᠵᠤ ᠦᠵᠠᠶ᠎ᠠ︾ ᠭᠡᠵᠤ ᠵᠠᠭᠠᠨ ᠲᠠᠭᠤᠭᠰᠠᠨ ᠭᠦᠮᠦᠨ ᠠᠴᠠ ᠭᠤᠶᠤᠭᠰᠠᠨ ᠳᠤ ᠲᠠᠷᠡ ᠭᠦᠮᠦᠨ ᠵᠦᠪᠰᠢᠶᠡᠷᠡᠪᠡ᠃ ᠲᠠᠳᠠ ᠲᠦᠷᠪᠠᠭᠦᠯᠠ ᠲᠠᠮᠳᠡᠷᠢᠵᠡᠭᠡᠯ᠎ᠠ᠃ ᠨᠢᠭᠡ ᠨᠢ ᠵᠠᠭᠠᠨ ᠤ ᠭᠡᠳᠡᠰᠤ ᠶᠢ ᠲᠠᠮᠳᠡᠷᠢᠴᠢᠭᠡᠭᠡᠳ᠄ ︽ᠪᠢ ᠮᠠᠳᠠᠯ᠎ᠠ᠂ ᠵᠠᠭᠠᠨ ᠭᠡᠳᠡᠭ ᠴᠢᠨᠢ ᠭᠡᠷᠡᠮ ᠲᠠᠢ ᠠᠳᠠᠯᠢᠬᠠᠨ ᠰᠢᠤ ᠪᠠᠶᠢᠨ᠎ᠠ︾ ᠭᠡᠪᠡ᠃ ᠨᠦᠭᠦᠭᠡ ᠨᠢ ᠰᠤᠶᠤᠭ᠎ᠠ ᠶᠢ ᠨᠢ ᠲᠠᠮᠳᠡᠷᠢᠴᠢᠭᠡᠭᠡᠳ᠄ ︽ᠵᠠᠭᠠᠨ ᠭᠡᠳᠡᠭ ᠴᠢᠨᠢ ᠭᠦᠯᠢᠭᠡᠷ ᠪᠦᠳᠤᠭᠦᠨ ᠰᠢᠳᠠᠮ ᠰᠢᠬ ᠶᠠᠭᠤᠮ᠎ᠠ ᠪᠠᠶᠢᠨ᠎ᠠ ᠳ᠋ᠠ︾ ᠭᠡᠯ᠎ᠠ᠃ ᠭᠤᠷᠪᠠᠳᠠᠭᠢ ᠨᠢ ᠭᠦᠯ ᠢ ᠨᠢ ᠲᠠᠪᠠᠷᠢᠵᠤ ᠠᠪᠤᠭᠠᠳ᠄ ︽ᠲᠠ ᠬᠤᠶᠠᠭᠤᠯᠠ ᠶᠢᠨ ᠭᠡᠯᠡᠭᠦ ᠴᠦᠮ ᠲᠠᠭᠠᠷᠠᠬᠤ ᠦᠭᠡᠢ᠂ ᠵᠠᠭᠠᠨ ᠭᠡᠳᠡᠭ ᠴᠢᠨᠢ ᠳᠤᠯᠭᠠᠭᠤᠷᠢ ᠲᠠᠢ ᠠᠳᠠᠯᠢ︾ ᠭᠡᠪᠡ᠃ ︽ᠲᠠ ᠨᠠᠷ ᠤᠨ ᠭᠡᠯᠡᠭᠰᠡᠨ ᠪᠦᠷ ᠲᠠᠭᠠᠷᠠᠬᠤ ᠦᠭᠡᠢ︕ ᠵᠠᠭᠠᠨ ᠭᠡᠳᠡᠭ ᠴᠢᠨᠢ ᠴᠤᠬᠤᠮ ᠨᠢᠭᠡᠨ ᠪᠦᠳᠤᠭᠦᠨ ᠲᠠᠭᠡᠰᠤ ᠰᠢᠬ ᠯᠠ ᠶᠠᠭᠤᠮ᠎ᠠ ᠪᠠᠶᠢᠨ᠎ᠠ ᠳ᠋ᠠ︾ ᠭᠡᠵᠤ ᠰᠠᠭᠦᠯ ᠢ ᠨᠢ ᠤᠯᠵᠤ ᠠᠳᠬᠤᠭᠰᠠᠨ ᠨᠢᠭᠡ ᠨᠢ ᠭᠡᠯᠡᠵᠡᠢ᠃         ᠲᠦᠷᠪᠠᠭᠦᠯᠠ ᠪᠠᠨ ᠦᠪᠠᠷ ᠦᠪᠠᠷ ᠤᠨ ᠬᠢ ᠪᠠᠨ ᠵᠦᠪᠳᠡᠭᠡᠨ᠂ ᠭᠡᠨ ᠠᠯᠢᠨ ᠤ ᠬᠢ ᠪᠠᠨ ᠴᠤ ᠢᠳᠡᠭᠡᠭᠦ ᠦᠭᠡᠢ ᠬᠤᠭᠤᠷᠤᠨᠳᠤ ᠪᠠᠨ ᠮᠠᠷᠭᠤᠯᠳᠤᠵᠤ ᠪᠠᠶᠢᠳᠠᠯ᠎ᠠ ᠵᠠᠭᠠᠨ ᠲᠠᠭᠤᠭᠰᠠᠨ ᠲᠠᠷᠡ ᠭᠦᠮᠦᠨ ᠬᠠᠵᠠᠭᠤ ᠠᠴᠠ ᠨᠢ᠄ ︽ᠲᠠ ᠨᠠᠷ ᠤᠨ ᠭᠡᠯᠡᠭᠰᠡᠨ ᠴᠦᠮ ᠪᠦᠷᠢᠨ ᠪᠤᠰᠤ᠂ ᠵᠠᠭᠠᠨ ᠤ ᠪᠦᠭᠦ ᠪᠠᠶ᠎ᠠ ᠶᠢ ᠲᠠᠮᠳᠠᠷᠢᠮᠡᠨᠵᠢᠨ ᠰᠠᠶ᠋ᠢ ᠵᠠᠭᠠᠨ ᠪᠤᠯ ᠶᠠᠮᠠᠷ ᠶᠠᠩᠵᠤ ᠲᠠᠢ ᠭᠡᠳᠡᠭ ᠢ ᠮᠠᠳᠠᠵᠤ ᠪᠤᠯᠤᠨ᠎ᠠ᠃ ᠭᠡᠳᠡᠯ᠎ᠠ ᠲᠠ ᠨᠠᠷ ᠵᠦᠪᠭᠡᠨ ᠵᠠᠭᠠᠨ ᠤ ᠨᠢᠭᠡᠨ ᠭᠡᠰᠡᠭ ᠢ ᠯᠠ ᠲᠠᠮᠳᠡᠷᠢᠭᠰᠡᠨ ᠲᠤᠯᠠ ᠶᠠᠭᠠᠭᠢᠨ ᠵᠠᠭᠠᠨ ᠤ ᠪᠠᠶᠢᠳᠠᠯ ᠢ ᠪᠦᠷᠢᠨ ᠵᠦᠪ ᠭᠡᠯᠡᠵᠤ ᠴᠢᠳᠠᠬᠤ ᠪᠤᠢ︖︾ ᠭᠡᠵᠠᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号