ᠵᠤᠯᠨ ᠶᠢᠨ ᠬᠤᠷᠢᠨ ᠲᠠᠪᠤᠨ
ᠨᠡᠶᠢᠲᠡᠯᠡᠭᠰᠡᠨ ᠴᠠᠭ᠄
2019/11/22
ᠤᠤᠭᠠᠨ ᠰᠤᠶᠤᠯ ᠤᠨ ᠤᠯᠠᠮᠵᠢᠯᠠᠯ᠂ ᠤᠢ ᠪᠢᠯᠢᠭ ᠤᠨ ᠭᠡᠭᠡᠷᠡᠯ ᠪᠤᠯᠤᠭᠰᠠᠨ ᠵᠣᠯᠨ ᠶᠢᠨ ᠪᠠᠶᠠᠷ ᠪᠤᠯ ᠦᠢᠷᠡᠳ ᠮᠤᠩᠭᠤᠯᠴᠤᠳ ᠤᠨ ᠦᠶ᠎ᠡ ᠶᠢᠨ ᠦᠶ᠎ᠡ ᠳᠤ ᠤᠯᠠᠮᠵᠢᠯᠠᠭᠳᠠᠵᠤ ᠢᠷᠡᠭᠰᠡᠨ ᠦᠨᠢ ᠤᠳᠠᠭᠠᠨ ᠲᠡᠤᠭᠡ ᠲᠠᠢ᠂ ᠠᠷᠢᠭᠤᠨ ᠨᠤᠮᠯᠠᠯ ᠤᠨ ᠰᠢᠳᠤᠭᠡᠨ ᠲᠠᠢ ᠪᠦᠭᠡᠳ ᠤᠷᠳᠤ ᠨᠠᠰᠤᠨ ᠤ ᠲᠠᠮᠪᠡᠷᠢᠯ ᠲᠠᠢ᠂ ᠦᠪᠡᠷᠮᠢᠴᠨ ᠤᠨᠴᠠᠯᠢᠭ ᠲᠠᠢ ᠦᠯᠵᠠᠶᠢᠳᠤ ᠰᠠᠶᠢᠬᠠᠨ ᠪᠠᠶᠠᠷ ᠪᠤᠯᠤᠨ᠎ᠠ᠃ ᠦᠢᠷᠡᠳ ᠮᠤᠩᠭᠤᠯᠴᠤᠳ ᠵᠢᠯ ᠪᠦᠷᠢ ᠶᠢᠨ ᠬᠠᠭᠤᠴᠢᠨ ︵ᠪᠢᠯᠢᠭ ᠤᠨ ᠤᠯᠠᠷᠢᠯ︶ ᠤ ᠠᠷᠪᠠᠨ ᠰᠠᠷ᠎ᠡ ᠶᠢᠨ ᠬᠤᠷᠢᠨ ᠲᠠᠪᠤᠨ ᠳᠤ ᠵᠣᠯᠨ ᠶᠢᠨ ᠪᠠᠶᠠᠷ ᠢᠶᠠᠨ ᠭᠢᠳᠡᠭ᠃ ᠡᠨᠡ ᠡᠳᠤᠷ ᠪᠤᠯᠬᠤ ᠳᠤ ᠨᠢᠭᠡ ᠨᠠᠰᠤᠨ ᠨᠡᠮᠡᠭᠳᠠᠯ᠎ᠠ ᠭᠡᠵᠤ ᠭᠡᠷ  ᠲᠡᠭᠡᠨ ᠭᠠᠯ᠂ ᠪᠤᠷᠬᠠᠨ ᠢᠶᠠᠨ ᠲᠠᠭᠢᠵᠤ᠂ ᠬᠠᠭᠤᠴᠢᠨ ᠵᠢᠯ ᠢᠶᠠᠨ ᠦᠳᠡᠵᠤ᠂ ᠰᠢᠨ᠎ᠠ ᠵᠢᠯ ᠢᠶᠠᠨ ᠤᠭᠳᠤᠵᠤ᠂ ᠤᠢ ᠪᠢᠯᠢᠭ ᠢᠶᠠᠨ ᠭᠡᠭᠡᠷᠡᠭᠦᠯᠵᠤ᠂ ᠰᠡᠳᠭᠢᠯ ᠢᠶᠠᠨ ᠠᠷᠢᠭᠤᠳᠬᠠᠨ᠂ ᠤᠷᠳᠤ ᠨᠠᠰᠤᠯᠵᠤ᠂ ᠤᠳᠠᠭᠠᠨ ᠵᠢᠷᠭᠠᠬᠤ ᠪᠤᠯᠳᠤᠭᠠᠢ ᠭᠡᠵᠤ ᠲᠡᠭᠷᠢ ᠪᠤᠷᠬᠠᠨ ᠳᠠᠭᠠᠨ ᠵᠤᠯᠨ ᠠᠰᠠᠭᠠᠵᠤ᠂ ᠲᠠᠭᠠᠳᠬᠠᠨ ᠮᠦᠷᠭᠦᠭᠡᠳ ᠰᠢᠨ᠎ᠠ ᠨᠢᠭᠡ ᠨᠠᠰᠤ ᠪᠠᠨ ᠤᠭᠳᠤᠳᠠᠭ᠃ ᠡᠪᠤᠭᠡᠴᠤᠤᠯ ᠤᠨ ᠤᠯᠠᠮᠵᠢᠯᠠᠯ ᠶᠠᠷᠢᠶᠠᠨ ᠳᠤ ᠼᠤᠩᠺᠠᠸ᠎ᠡ ᠪᠤᠷᠬᠠᠨ 108 ᠨᠠᠰᠤᠨ ᠰᠡᠭᠦᠳᠡᠷ ᠲᠡᠭᠡᠨ ᠲᠠᠭᠠᠯᠠᠯ ᠪᠤᠯᠬᠤ  ᠳᠤ ᠦᠢᠷᠡᠳ ᠮᠤᠩᠭᠤᠯᠴᠤᠳ 108 ᠵᠤᠯᠨ ᠠᠰᠠᠭᠠᠵᠤ᠂ ᠮᠦᠷᠤᠭᠡᠳᠤᠨ ᠲᠤᠷᠠᠰᠴᠤ ᠲᠠᠭᠠᠳᠬᠠᠨ ᠮᠦᠷᠭᠦᠭᠡᠳ᠂ ᠲᠠᠭᠠᠯᠠᠯ ᠪᠤᠯᠤᠭᠰᠠᠨ ᠴᠤ ᠭᠡᠵᠢᠶ᠎ᠡ ᠮᠦᠩᠭᠡᠳᠡ ᠤᠷᠳᠤ ᠨᠠᠰᠤ ᠬᠠᠶᠢᠷᠠᠯᠠᠨ᠂ ᠭᠡᠭᠡᠨ ᠪᠢᠯᠢᠭ ᠲᠠᠢ᠂ ᠵᠤᠯ ᠵᠢᠷᠭᠠᠯ ᠲᠠᠢ ᠪᠤᠯᠵᠤ᠂ ᠦᠷᠤᠰᠢᠶᠠᠯ ᠳᠠᠭᠠᠨ ᠬᠠᠶᠢᠷᠠᠯᠠᠬᠤ ᠪᠤᠯᠳᠤᠭᠠᠢ ᠭᠡᠵᠤ ᠲᠤᠷᠠᠰᠤᠨ ᠮᠦᠷᠤᠭᠡᠳᠤᠭ᠍ᠰᠡᠨ ᠠᠴᠠ ᠢᠷᠡᠯᠳᠡ ᠲᠠᠢ ᠭᠡᠵᠤ ᠭᠡᠯᠡᠯᠴᠠᠳᠡᠭ᠃ ᠵᠤᠯᠨ ᠶᠢᠨ ᠪᠠᠶᠠᠷ ᠪᠤᠯ ᠪᠦᠭᠡ ᠶᠢᠨ ᠱᠠᠰᠢᠨ ᠪᠤᠯᠤᠨ ᠪᠤᠷᠬᠠᠨ ᠱᠠᠰᠢᠨ ᠤ ᠨᠤᠮᠯᠠᠯ ᠢ ᠬᠠᠮᠳᠤ ᠳᠤᠨᠢ ᠬᠠᠳᠠᠭᠠᠯᠠᠵᠤ᠂ ᠠᠷᠠᠳ ᠤᠨ ᠲᠤᠮᠳᠡ ᠤᠯᠠᠮᠵᠢᠯᠠᠭᠳᠠᠵᠤ ᠢᠷᠡᠭᠰᠡᠨ ᠠᠴᠠ ᠦᠢᠷᠡᠳ ᠰᠤᠶᠣᠯ ᠤᠨ ᠴᠢᠬᠤᠯᠨ ᠨᠢᠭᠡ ᠨᠠᠶᠢᠷ ᠪᠠᠶᠠᠷ ᠪᠤᠯᠬᠤ ᠶᠤᠮ᠃ ᠡᠶᠢᠮᠤ ᠤᠴᠢᠷ ᠠᠴᠠ ᠤᠳᠬ᠎ᠠ ᠨᠢ ᠭᠦᠨ᠂ ᠠᠭᠤᠯᠭ᠎ᠠ ᠨᠢ ᠪᠠᠶᠠᠯᠢᠭ᠂ ᠶᠤᠰᠤ ᠶᠠᠪᠤᠴᠨ ᠨᠢ ᠨᠠᠷᠢᠨ᠂ ᠰᠢᠳᠤᠭᠡᠭᠦ ᠭᠦᠴᠤᠨ ᠪᠤᠯᠤᠨ ᠤᠯᠠᠮᠵᠢᠯᠠᠯᠳᠤ ᠴᠢᠨᠠᠷ ᠢᠶᠠᠷ ᠮᠠᠰᠢ ᠴᠢᠩᠭ᠎ᠠ ᠪᠠᠶᠢᠳᠠᠭ᠃ ᠵᠤᠯᠨ ᠶᠢᠨ ᠪᠠᠶᠠᠷ ᠤᠨ ᠦᠷᠯᠤᠭᠡ ᠡᠷᠳᠡ᠂ ᠮᠤᠩᠭᠤᠯ ᠭᠡᠣᠭᠡᠳ ᠤᠳ ᠵᠡᠷᠭᠡᠯᠡᠳᠡᠭᠡ ᠠᠶᠢᠯ᠂ ᠲᠦᠷᠤᠯ ᠰᠠᠳᠤᠨ  ᠳᠠᠭᠠᠨ ᠤᠴᠢᠵᠤ : ︽ᠮᠠᠨ ᠤ ᠳᠤ ᠭᠦᠷᠤᠭᠡᠳ ᠵᠤᠯᠨ ᠶᠢᠨ ᠴᠠᠢ ᠤᠤᠭᠤᠭᠳᠤᠠ︕︾ ᠭᠡᠵᠤ ᠵᠠᠯᠠᠳᠠᠭ᠃ ᠭᠡᠷ ᠤᠨ ᠭᠦᠮᠤᠰ ᠰᠦ ᠲᠠᠢ ᠴᠠᠢ ᠪᠠᠨ ᠴᠢᠨᠠᠵᠤ᠂ ᠰᠢᠨ᠎ᠠ ᠪᠤᠤᠪᠤ᠂ ᠢᠳᠡᠭᠡᠨ ᠤᠮᠳᠠᠭᠠᠨ᠂ ᠬᠤᠭᠤᠯᠠᠨ ᠢᠶᠠᠨ ᠪᠡᠯᠡᠳᠭᠡᠳᠡᠭ᠃ ᠦᠳᠡ ᠪᠤᠯᠬᠤ ᠦᠶ᠎ᠡ ᠳᠤ ᠭᠦᠮᠤᠰ ᠵᠡᠷᠭᠡᠯᠡᠳᠡᠭᠡ ᠠᠶᠢᠯ᠂ ᠲᠦᠷᠤᠯ ᠰᠠᠳᠤᠨ ᠳᠠᠭᠠᠨ ᠵᠤᠯᠨ ᠤᠨ ᠴᠠᠢ ᠤᠤᠭᠤᠬᠤ  ᠪᠠᠷ ᠶᠠᠪᠤᠴᠠᠭᠠᠳᠠᠭ᠃ ᠵᠤᠴᠢᠨ ᠭᠡᠷ ᠲᠤᠨᠢ ᠤᠷᠤᠬᠤ ᠳᠤ ᠤᠷᠢᠳᠠᠪᠠᠷ ᠠᠮᠤᠷ ᠮᠡᠨᠳᠤ ᠪᠠᠨ ᠠᠰᠠᠭᠤᠯᠴᠠᠵᠤ᠂ ᠭᠡᠷ ᠤᠨ ᠡᠵᠡᠨ ᠵᠤᠯᠨ ᠶᠢᠨ ᠴᠠᠢ ᠪᠠᠨ ᠠᠶᠠᠭᠠᠯᠠᠵᠤ᠂ ᠪᠤᠤᠪᠤ ᠢᠳᠡᠭᠡᠨ ᠢᠶᠠᠨ ᠲᠠᠯᠪᠢᠵᠤ᠂ ᠬᠤᠭᠤᠯᠨ ᠭᠢᠵᠤ ᠵᠤᠴᠢᠯᠠᠳᠠᠭ᠃ ᠪᠤᠴᠠᠬᠤ ᠦᠶ᠎ᠡ ᠳᠤᠨᠢ ᠭᠠᠷ ᠴᠠᠶᠢᠯᠭᠠᠨ᠎ᠠ ︵ᠪᠡᠯᠡᠭ ᠦᠭᠭᠦᠨ᠎ᠠ︶᠃ ᠦᠳᠡ ᠶᠢᠨ ᠬᠤᠶᠢᠨ᠎ᠠ ᠭᠡᠷ ᠢᠶᠠᠷ ᠢᠶᠠᠨ ᠵᠤᠯᠨ ᠠᠰᠠᠭᠠᠬᠤ ᠠᠷᠤ ᠪᠡᠯᠡᠳᠭᠡᠯ ᠭᠢᠳᠡᠭ᠃ ᠬᠠᠮᠤᠭ ᠲᠦᠷᠤᠭᠦᠨ ᠳᠤ ᠵᠤᠯᠨ ᠭᠢᠨ᠎ᠠ᠃ ︵ᠭᠤᠯᠢᠷ ᠨᠤᠬᠤᠵᠤ ᠴᠦᠭᠦᠴᠨ ᠠᠳᠠᠯᠢᠬᠠᠨ ᠭᠢᠵᠤ᠂ ᠨᠠᠷᠢᠨ ᠭᠤᠤᠯ ᠤᠷᠢᠶᠠᠨ᠂ ᠰᠢᠷ᠎ᠡ ᠲᠤᠰᠤ ᠭᠢᠵᠤ ᠴᠠᠷᠴᠠᠭᠠᠨ᠎ᠠ᠃ ᠵᠤᠯᠨ ᠠᠴᠠ ᠨᠠᠶᠢᠳᠡ ᠪᠤᠷᠬᠠᠨ ᠳᠠᠭᠠᠨ ᠲᠤᠯᠤᠭ᠎ᠠ᠂ ᠭᠡᠷ ᠤᠨ ᠭᠦᠮᠤᠨ ᠪᠦᠷᠢ ᠳᠤ ᠨᠢᠭᠡ᠂ ᠵᠡᠷᠭᠡᠯᠡᠳᠡᠭᠡ ᠠᠶᠢᠯ᠂ ᠲᠦᠷᠤᠯ ᠰᠠᠳᠤᠨ ᠳᠠᠭᠠᠨ ᠨᠢᠵᠢᠭᠡᠳ᠂ ᠬᠤᠨᠢ ᠬᠠᠰᠢᠶ᠎ᠠ ᠭᠦᠷᠢᠶᠠᠨ ᠳᠤ ᠨᠢᠵᠢᠭᠡᠳ ᠭᠢᠨ᠎ᠠ᠃︶ ᠡᠭᠦᠨ ᠤ ᠲᠠᠷᠠᠭ᠎ᠠ ᠵᠤᠯᠨ ᠶᠢᠨ ᠭᠤᠤᠯ ᠭᠢᠨ᠎ᠠ᠃ ︵ᠴᠠᠪᠠᠷ ᠨᠠᠷᠢᠨ ᠲᠠᠷᠡᠰᠤ ᠶᠢ 30 — 35 cm ᠭᠡᠷᠴᠢᠵᠤ᠂ ᠭᠦᠪᠤᠩ ᠢᠶᠠᠷ ᠵᠦᠪ ᠲᠠᠰᠢ ᠦᠵᠤᠭᠦᠷ ᠠᠴᠠ ᠡᠭᠢᠯᠠᠨ ᠤᠷᠢᠶᠠᠵᠤ᠂ ᠲᠤᠤᠷ᠎ᠡ ᠨᠢ 5cm ᠡᠰᠢ ᠦᠯᠡᠳᠠᠭᠡᠨ ᠰᠢᠷ᠎ᠡ ᠲᠤᠰᠤ ᠭᠢᠵᠤ ᠴᠠᠷᠴᠠᠭᠠᠨ᠎ᠠ᠃ ᠵᠤᠯᠨ ᠶᠢᠨ ᠭᠤᠤᠯ ᠢ ᠪᠦᠭᠦ ᠭᠡᠷ ᠤᠨ ᠭᠦᠮᠤᠰ ᠤᠨ ᠨᠠᠰᠤᠨ ᠤ ᠨᠠᠶᠢᠯᠠᠪᠤᠷᠢ ᠲᠤᠭ᠎ᠠ ᠪᠠᠷ ᠪᠡᠯᠡᠳᠭᠡᠨ᠎ᠠ᠃︶ ᠬᠠᠮᠤᠭ ᠰᠡᠭᠦᠯ ᠳᠤᠨᠢ ᠵᠤᠯᠨ ᠶᠢᠨ ᠪᠠᠮᠪᠠᠷ ᠭᠢᠨ᠎ᠠ᠃ ︵ᠵᠢᠬᠠᠭᠠᠨ ᠪᠦᠳᠤᠭᠦᠨ ᠰᠢᠭ ᠲᠡᠷᠠᠰᠤ ᠶᠢ ᠭᠡᠷᠴᠢᠵᠤ᠂ ᠭᠦᠪᠤᠩ ᠢᠶᠠᠷ ᠵᠦᠪ ᠤᠷᠢᠶᠠᠨ᠎ᠠ᠃︶ ᠡᠭᠦᠨ ᠢᠶᠠᠷ ᠵᠤᠯᠨ ᠪᠠᠨ ᠠᠰᠠᠭᠠᠳᠠᠭ᠃ ᠠᠰᠬᠤᠨ ᠤᠷᠤᠢ ᠤᠳᠤᠨ ᠮᠦᠴᠢᠳ ᠭᠦᠢᠴᠡᠭᠰᠡᠨ ᠤ ᠲᠠᠷᠠᠭ᠎ᠠ᠂ ᠪᠦᠭᠦ ᠭᠡᠷ ᠢᠶᠠᠷ ᠢᠶᠠᠨ ᠨᠠᠷᠠᠨ ᠭᠠᠷᠬᠤ ᠵᠦᠭ ᠦᠨᠳᠤᠷ ᠳᠤᠪᠤ ᠰᠢᠭ᠋ ᠴᠠᠪᠠᠷ ᠭᠠᠵᠠᠷ ᠲᠤ ᠤᠴᠢᠵᠤ ᠵᠤᠯᠨ ᠶᠢᠨ ᠭᠤᠤᠯ ᠢᠶᠠᠨ ᠰᠠᠪᠠ ᠲᠠᠢ ᠦᠨᠡᠰᠤᠨ ᠳᠤ ᠬᠠᠳᠬᠤᠵᠤ᠂ ᠪᠠᠮᠪᠠᠷ ᠢᠶᠠᠷ ᠢᠶᠠᠨ ᠵᠤᠯᠨ ᠢᠶᠠᠨ ᠠᠰᠠᠭᠠᠳᠠᠭ᠃ ᠭᠦᠮᠤᠨ ᠪᠦᠷᠢ ᠵᠤᠯᠨ ᠪᠠᠨ ᠠᠰᠠᠭᠠᠵᠤ᠂ ᠭᠦᠭᠰᠢᠳ ᠢᠷᠤᠭᠡᠯ ᠢᠶᠠᠨ ᠲᠠᠯᠪᠢᠵᠤ ᠪᠦᠭᠦᠳᠡᠭᠡᠷ ᠠᠰᠠᠭᠠᠭᠰᠠᠨ ᠵᠤᠯᠨ ᠳᠠᠭᠠᠨ ᠮᠦᠷᠭᠦᠨ᠂ ᠠᠯᠢᠪᠠ ᠪᠦᠭᠦᠨ ᠢᠶᠠᠨ ᠲᠠᠭᠠᠳᠬᠠᠵᠤ ᠭᠤᠷᠪᠠ ᠡᠷᠭᠢᠵᠤ ᠭᠡᠷ ᠲᠡᠭᠡᠨ ᠤᠷᠤᠨ᠎ᠠ᠃ ᠭᠡᠷ ᠲᠡᠭᠡᠨ ᠤᠷᠤᠵᠤ ᠢᠷᠡᠭᠰᠡᠨ ᠤ ᠲᠠᠷᠠᠭ᠎ᠠ᠂ ᠪᠤᠷᠬᠠᠨ ᠳᠠᠭᠠᠨ ᠵᠤᠯᠨ ᠪᠠᠨ ᠠᠰᠠᠭᠠᠵᠤ ᠮᠦᠷᠭᠦᠨ ᠭᠡᠷ ᠪᠦᠭᠦᠨ  ᠳᠡᠭᠡᠨ ᠵᠤᠯᠨ ᠪᠠᠨ ᠠᠰᠠᠭᠠᠳᠠᠭ᠂ ᠬᠤᠨᠢ ᠦᠭᠡᠷ ᠤᠨ ᠬᠠᠰᠢᠶ᠎ᠠ ᠬᠤᠷᠢᠶ᠎ᠠ ᠳᠤ ᠴᠤ ᠵᠤᠯᠨ ᠠᠰᠠᠭᠠᠨ᠎ᠠ᠃ ᠪᠠᠭ᠎ᠠ ᠭᠡᠤᠭᠡᠳ ᠤᠳ ᠵᠡᠷᠭᠡᠯᠡᠳᠡᠭᠡ ᠠᠶᠢᠯ᠂ ᠲᠦᠷᠦᠯ ᠰᠠᠳᠤᠨ ᠳᠠᠭᠠᠨ ᠵᠤᠯᠨ ᠭᠦᠷᠭᠡᠵᠤ᠂ ᠪᠤᠷᠬᠠᠨ ᠳᠤᠨᠢ ᠮᠦᠷᠭᠦᠵᠤ ᠵᠤᠯᠨ  ᠪᠠᠨ ᠠᠰᠠᠭᠠᠳᠠᠭ᠃ ᠭᠡᠤᠭᠡᠳ ᠢᠷᠡᠭᠰᠡᠨ ᠤ ᠲᠠᠷᠠᠭ᠎ᠠ᠂ ᠰᠢᠭᠦᠰᠤ ᠪᠠᠨ ᠭᠠᠷᠭᠠᠵᠤ᠂ ᠭᠦᠭᠰᠢᠳ ᠢᠷᠤᠭᠡᠯ ᠢᠶᠠᠨ ᠲᠠᠯᠪᠢᠵᠤ᠂ ᠪᠦᠭᠦᠳᠡᠭᠡᠷ ᠵᠤᠯᠨ ᠶᠢᠨ ᠬᠤᠭᠤᠯᠨ ᠪᠠᠨ ᠵᠤᠭᠤᠭᠯᠠᠨ᠎ᠠ᠃ ᠮᠠᠷᠭᠠᠰᠢ ᠨᠢ ᠪᠤᠯᠪᠠᠯ ᠤᠨᠳᠠᠷᠡᠭ᠌ᠰᠠᠨ ᠵᠤᠯᠨ ᠶᠢᠨ ᠭᠤᠯᠢᠷ ᠪᠠᠷ ᠲᠤᠭᠤᠱᠢ ᠬᠠᠶᠢᠷᠠᠵᠤ ︵ᠪᠤᠤᠪᠤ ᠰᠢᠷᠠᠵᠤ︶ ᠢᠳᠡᠳᠡᠭ ᠃ ᠭᠡᠤᠭᠡᠳ ᠤᠳ ᠡᠭᠦᠨ ᠢ ᠢᠳᠠᠪᠠᠯ ᠨᠤᠮ ᠰᠠᠶᠢᠨ ᠰᠤᠷᠴᠤ᠂ ᠰᠡᠴᠡᠨ ᠰᠡᠷᠭᠦᠯᠠᠩ ᠪᠤᠯᠤᠨ᠎ᠠ ᠭᠡᠵᠤ ᠡᠪᠤᠭᠡᠴᠤᠤᠯ ᠭᠡᠯᠡᠯᠴᠡᠵᠤ᠂ ᠭᠡᠤᠭᠡᠳ ᠨᠠᠷ ᠪᠤᠯᠢᠶᠠᠯᠳᠤᠨ ᠢᠳᠡᠭᠡᠵᠠᠳᠠᠭ᠃ ᠵᠠᠭᠤᠨ ᠵᠢᠯ ᠤᠨ ᠵᠤᠯᠨ ᠵᠤᠵᠠᠭᠠᠨ ᠨᠠᠰᠤᠨ ᠤ ᠨᠠᠮᠡᠭᠳᠠᠯ ᠤᠤᠭᠠᠨ ᠰᠤᠶᠤᠯ ᠤᠨ ᠤᠯᠠᠮᠵᠢᠯᠠᠯ ᠤᠢ ᠪᠢᠯᠢᠭ ᠤᠨ ᠭᠡᠭᠡᠷᠡᠯ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号