ᠵᠤᠯᠠ ᠶᠢᠨ ᠬᠤᠷᠢᠨ ᠲᠠᠪᠤᠨ ᠤ ᠲᠤᠬᠠᠢ
ᠨᠡᠶᠢᠲᠡᠯᠡᠭᠰᠡᠨ ᠴᠠᠭ᠄
2019/11/22
ᠰᠢᠷ᠎ᠠ ᠶᠢᠨ ᠱᠠᠰᠢᠨ ᠤ ᠲᠠᠯ᠎ᠠ ᠠᠴᠠ ᠬᠡᠯᠡᠪᠡᠯ ᠰᠤᠶᠤᠨ ᠬᠡᠶᠢᠬᠦᠯᠦᠭᠴᠢ ᠶᠡᠭᠡ ᠪᠢᠯᠢᠭ ᠤᠨ ᠬᠦᠮᠦᠨ ᠪᠤᠭᠳᠠ ᠽᠦᠩᠺᠡᠪᠠ ᠤᠷᠴᠢᠯᠠᠩ ᠳᠤ ᠮᠡᠨᠳᠦᠯᠡᠵᠦ ᠮᠡᠯᠮᠡᠢ ᠬᠡᠶᠢᠭᠰᠡᠨ᠂ ᠵᠠᠩᠴᠢ ᠬᠠᠯᠠᠵᠦ᠂ ᠡᠬᠦᠯᠡ ᠲᠠᠯᠳᠠᠯᠠᠭᠰᠠᠨ ᠡᠳᠤᠷ ᠨᠢ ᠡᠪᠤᠯ ᠤᠨ ᠲᠡᠷᠢᠬᠦᠨ ᠰᠠᠷ᠎ᠠ ᠶᠢᠨ ᠪᠢᠯᠢᠭ ᠤᠨ ᠤᠯᠠᠷᠢᠯ ᠤᠨ ᠬᠤᠷᠢᠨ ᠲᠠᠪᠤᠨ ᠬᠡᠳᠡᠭ᠂ ᠽᠦᠩᠺᠡᠪᠠ ᠨᠢ 1357 ᠤᠨ ᠳᠤ ᠮᠡᠨᠳᠦᠯᠡᠵᠦ᠂ 63 ᠨᠠᠰᠤ ᠰᠡᠬᠦᠳᠡᠷ ᠵᠣᠭᠤᠭᠯᠠᠵᠤ᠂ 1419 ᠣᠨ ᠳᠤ ᠮᠥᠨ ᠪᠢᠯᠢᠭ ᠤᠨ ᠤᠯᠠᠷᠢᠯ ᠤᠨ ᠠᠷᠪᠠᠨ ᠰᠠᠷ᠎ᠠ ᠶᠢᠨ ᠬᠤᠷᠢᠨ ᠲᠠᠪᠤᠨ ᠳᠤ ︽ᠰᠤᠩᠳᠤᠢ ᠶᠢᠨ ᠵᠦᠳ︾ ᠤᠨ ᠶᠢᠰᠦᠳᠦᠬᠡᠷ ᠪᠦᠯᠦᠭ ︽ᠵᠠᠯᠪᠢᠨ ᠤ ᠰᠠᠷᠠᠶᠢᠰᠦ ᠵᠢᠸᠠᠷ ᠵᠦᠷ︾ ᠵᠠᠷᠯᠢᠭ ᠢ ᠤᠩᠰᠢᠭᠠᠳ ᠲᠠᠭᠠᠯᠠᠯ ᠲᠡᠬᠦᠰᠭᠡᠭᠰᠡᠨ ᠬᠡᠳᠡᠭ᠃ ᠡᠨᠡ ᠨᠢ ︽ᠪᠢ ᠢᠯᠭᠤᠭᠰᠠᠨ ᠪᠤᠷᠬᠠᠨ ᠤ ᠬᠦᠦ ᠪᠤᠯᠵᠦ ᠲᠦᠷᠦᠯ᠎ᠠ︾ ᠬᠡᠰᠡᠨ ᠵᠠᠷᠯᠢᠭ ᠶᠤᠮ᠃ ᠲᠡᠷᠡ ᠴᠠᠭ ᠠᠴᠠ ᠬᠤᠶᠢᠰᠢ ᠵᠢᠯ ᠪᠦᠷᠢ ᠶᠢᠨ ᠡᠨᠡ ᠡᠳᠤᠷ ᠢ ᠵᠤᠯᠠ ᠶᠢᠨ ᠬᠤᠷᠢᠨ ᠲᠠᠪᠤᠨ ᠬᠡᠮᠡᠨ ︽ᠳ᠋ᠤᠩᠴᠢᠳ︾ ᠪᠤᠶᠤ ᠮᠢᠩᠭᠠᠨ ᠲᠠᠬᠢᠯ ᠤᠨ ᠵᠤᠯᠠ ᠬᠦᠵᠢ ᠡᠷᠬᠦᠵᠦ ᠶᠡᠭᠡ ᠬᠤᠷᠠᠯ ᠢᠷᠤᠬᠡᠯ ᠬᠤᠷᠠᠬᠤ ᠪᠤᠯᠤᠭᠰᠠᠨ ᠶᠤᠮ᠃ ᠡᠨᠡ ᠡᠳᠤᠷ ᠰᠦᠰᠦᠭᠳᠡᠨ ᠤᠯᠠᠨ ᠲᠦᠮᠡᠨ ᠮᠠᠴᠠᠭ ᠪᠠᠷᠢᠵᠦ ᠵᠤᠯᠠ ᠡᠷᠬᠦᠵᠦ᠂ ᠠᠷᠪᠠᠨ ᠬᠠᠷ᠎ᠠ ᠨᠢᠬᠦᠯ ᠢ ᠲᠡᠪᠴᠢᠨ ᠪᠡᠶ᠎ᠠ᠂ ᠬᠡᠯᠡ᠂ ᠰᠡᠳᠬᠢᠯ ᠢᠶᠠᠨ ᠠᠷᠢᠭᠤᠰᠬᠠᠨ ᠪᠤᠶᠠᠨ ᠦᠢᠯᠡᠳᠦᠪᠡᠰᠤ ᠡᠷᠬᠦᠭᠰᠡᠨ ᠨᠢᠬᠡ ᠵᠤᠯᠠ ᠮᠢᠩᠭ᠎ᠠ ᠪᠤᠯᠵᠦ᠂ ᠤᠩᠰᠢᠭᠰᠠᠨ ᠨᠢᠬᠡ ᠮᠠᠨᠢ ᠲᠦᠮᠡ ᠪᠤᠯᠵᠦ ᠠᠷᠪᠢᠵᠢᠳᠠᠭ ᠤᠴᠢᠷᠳᠡᠢ ᠶᠤᠮ᠃ ᠡᠨᠡ ᠡᠳᠤᠷ ᠶᠡᠭᠡ ᠪᠤᠶᠠᠨ ᠬᠤᠷᠢᠶᠠᠨ᠎ᠠ ᠬᠡᠰᠡᠨ ᠦᠬᠡ᠃ ᠪᠠᠰᠠ ᠨᠢᠬᠡ ᠦᠢᠯᠡ ᠶᠠᠪᠤᠳᠠᠯ ᠨᠢ ᠮᠤᠩᠭᠤᠯᠴᠤᠳ ᠡᠪᠤᠯ ᠢᠳᠡᠬᠦ ᠢᠳᠡᠰᠢ ᠪᠠᠨ ᠬᠤᠷᠢᠨ ᠲᠠᠪᠤᠨ ᠤ ᠡᠳᠤᠷ ᠠᠴᠠ ᠡᠮᠦᠨ᠎ᠠ ᠲᠦᠬᠦᠷᠬᠡᠵᠦ ᠲᠠᠭᠤᠰᠬᠠᠭᠠᠳ ᠤᠯᠠᠨ ᠠᠮᠢᠳᠠᠨ ᠤ ᠠᠮᠢ ᠲᠠᠰᠤᠯᠤᠭᠰᠠᠨ ᠨᠢᠬᠦᠯ ᠢᠶᠠᠨ ᠮᠠᠨᠠᠨᠴᠢᠯᠠᠵᠦ ᠵᠤᠯᠠ ᠶᠢᠨ ᠬᠤᠷᠢᠨ ᠲᠠᠪᠤᠨ ᠤ ᠬᠤᠷᠠᠯ ᠢ ᠲᠠᠭᠠᠨ ᠪᠠᠶᠠᠰᠴᠤ᠂ ᠡᠨᠡᠬᠦ ᠦᠢᠯᠡ ᠠᠴᠠ ᠬᠤᠶᠢᠰᠢ ᠪᠠᠶᠢᠭᠠᠯᠢ ᠶᠢᠨ ᠠᠩ ᠠᠮᠢᠳᠠᠨ ᠢ ᠬᠦᠨᠦᠬᠡᠵᠦ ᠰᠦᠢᠳᠬᠡᠵᠦ ᠪᠤᠯᠳᠠᠭ ᠦᠬᠡᠢ ᠪᠦᠬᠡᠳ ᠡᠨᠡ ᠨᠢ ᠪᠠᠶᠢᠭᠠᠯᠢ ᠪᠠᠨ ᠬᠠᠮᠠᠭᠠᠯᠠᠬᠤ ᠨᠢᠬᠡᠨ ᠬᠡᠯᠪᠡᠷᠢ ᠪᠤᠯᠵᠦ ᠢᠷᠡᠵᠡᠢ᠃ ᠮᠤᠩᠭᠤᠯᠴᠤᠳ ᠵᠤᠯᠠ ᠡᠷᠬᠦᠬᠦ ᠳᠡᠭᠡᠨ ᠦᠨᠦ ᠪᠠ ᠬᠤᠶᠢᠳᠦ ᠶᠢᠨ ᠪᠤᠶᠠᠨ᠂ ᠦᠬᠡᠳᠡ ᠪᠤᠯᠤᠭᠰᠠᠳ ᠤᠨ ᠪᠤᠶᠠᠨ ᠳᠤ ᠵᠤᠬᠢᠴᠠᠭᠤᠯᠬᠤ ᠶᠢᠨ ᠵᠡᠷᠬᠡᠴᠡᠭᠡ ᠮᠠᠯ ᠮᠠᠭᠤᠯᠠᠬᠤ ᠳᠠᠭᠠᠨ ᠬᠦᠷᠳᠡᠯ᠎ᠠ ᠰᠠᠶᠢᠨ ᠲᠦᠷᠦᠯ ᠤᠯᠬᠤ ᠶᠢ ᠢᠷᠦᠬᠡᠵᠦ ᠵᠤᠯᠠ ᠡᠷᠬᠦᠳᠡᠭ ᠵᠠᠩᠰᠢᠯ ᠲᠠᠢ᠃ ᠵᠤᠯᠠ ᠶᠢᠨ ᠭᠤᠤᠯ ᠤᠷᠢᠶᠠᠵᠦ ᠪᠠᠶᠢᠬᠤ ᠦᠶ᠎ᠠ ᠳᠡᠭᠡᠨ ᠢᠵᠠᠭᠤᠷ ᠤᠨ ᠭᠤᠷᠪᠠᠨ ᠪᠤᠷᠬᠠᠨ ᠤ ᠵᠢᠷᠤᠬᠡᠨ ᠲᠠᠷᠨᠢ ᠪᠤᠶᠤ ︽ᠨᠤᠮ ᠠᠷᠠ ᠪᠠ ᠵᠠ ᠨᠠ ᠳ᠋ᠢ︾᠂ ︽ᠤᠮ ᠮᠠ ᠨᠢ ᠪᠠᠳ ᠮᠧ ᠬᠤᠮ︾᠂ ︽ᠤᠮ ᠪᠠᠽᠠᠷ ᠸᠠᠨᠢ ᠬᠤᠮ ᠫᠠᠳ︾ ᠲᠠᠷᠨᠢ ᠨᠤᠭᠤᠳ ᠪᠤᠯᠤᠨ ᠦᠪᠡᠷ ᠤᠨ ᠮᠡᠳᠡᠳᠡᠭ ᠲᠠᠷᠨᠢ ᠮᠡᠭᠵᠢᠮ ᠲᠡᠷᠢᠬᠦᠳᠡᠨ ᠢᠶᠠᠨ ᠤᠩᠰᠢᠵᠦ ᠪᠠᠶᠢᠪᠠᠯ ᠰᠠᠶᠢᠨ ᠬᠡᠳᠡᠭ᠃ ᠡᠨᠡ ᠡᠳᠤᠷ ᠤᠨ ᠤᠷᠤᠢ ᠦᠳᠡᠰᠢ ᠪᠤᠯᠬᠤ ᠳᠤ ᠠᠶᠢᠯ ᠪᠦᠷᠢ ᠡᠭᠦᠳᠡᠨ ᠤ ᠪᠠᠨ ᠡᠮᠤᠨ᠎ᠡ ᠭᠤᠷᠪᠠᠨ ᠮᠤᠳᠤ ᠪᠤᠰᠬᠠᠵᠤ᠂ ᠲᠡᠭᠦᠨ ᠲᠡᠬᠡᠷ᠎ᠡ ᠪᠠᠨ ᠪᠦᠳᠤᠭᠦᠨ ᠵᠤᠯᠨ ᠪᠠᠨ ᠤᠷᠭᠤᠮᠠᠯ ᠤᠨ ᠲᠤᠰᠤ ︵ᠰᠢᠷ᠎ᠠ ᠲᠤᠰᠤ ᠴᠤ ᠪᠠᠶᠢᠵᠤ ᠪᠤᠯᠤᠨ᠎ᠠ︶  ᠪᠠᠷ ᠪᠠᠷᠢᠳᠠᠭ᠃ ᠭᠦᠮᠤᠨ ᠪᠦᠷᠢ ᠭᠦᠪᠤᠩ ᠢᠶᠠᠷ ᠭᠤᠷᠪᠠᠨ ᠭᠤᠤᠯ ᠬᠢᠵᠤ᠂ ᠨᠢᠬᠡ ᠬᠡᠷ ᠲᠤ ᠬᠡᠳᠤᠢ ᠪᠦᠯᠢ ᠲᠠᠢ ᠪᠠᠶᠢᠪᠠᠯ ᠲᠡᠷᠨ ᠲᠤᠭ᠎ᠠ ᠪᠠᠷ ᠭᠤᠤᠯ ᠤᠷᠢᠶᠠᠵᠤ᠂ ᠭᠤᠤᠯᠳᠤ ︵ᠵᠤᠯᠨ ᠶᠢᠨ ᠴᠦᠭᠦᠴᠠ︶ ᠳᠤ ᠬᠢᠵᠤ ᠲᠠᠯᠪᠢᠳᠠᠭ᠃ ᠵᠤᠯᠠ ᠶᠢᠨ ᠬᠤᠷᠢᠨ ᠲᠠᠪᠤᠨ ᠤ ᠲᠤᠬᠠᠢ ᠦᠯᠢᠭᠡᠷ ᠳᠣᠮᠤᠭ ᠦᠯᠢᠭᠡᠷ ᠨᠢᠭᠡᠽᠦᠩᠺᠡᠸ᠎ᠠ ᠪᠤᠷᠬᠠᠠ ᠤ ᠠᠪᠦ ᠡᠵᠢ ᠨᠢ ᠲᠤᠩ ᠶᠡᠳᠡᠭᠤ ᠵᠦᠳᠡᠬᠦᠦ ᠠᠮᠢᠳᠦᠷᠡᠵᠦ᠂ ᠭᠠᠳᠡᠨ᠎ᠡ ᠪᠠᠨ ᠭᠠᠭᠴᠠ ᠦᠨᠢᠶ᠎ᠠ  ᠲᠠᠢ ᠪᠠᠶᠢᠵᠦ ᠭᠡᠨ᠎ᠡ᠃ ᠡᠵᠢ ᠨᠢ ᠡᠳᠦᠷ ‍ᠦ᠋ᠷᠢ ᠭᠠᠭᠴᠡᠬᠠᠠ ᠦᠨᠢᠶ᠎ᠠ ᠪᠠᠨ ᠬᠠᠷᠢᠭᠤᠯᠵᠦ ᠶᠡᠪᠦᠳᠠᠬ ᠪᠠᠶᠢᠵᠡᠢ᠃ ᠪᠢᠯᠢᠭ ᠤᠨ ᠤᠯᠡᠷᠢᠯ ᠤᠨ 10 ᠳ᠋ᠤᠭᠠᠷ ᠰᠡᠷ᠎ᠠ ᠶᠢᠨ 25 ᠤ ᠡᠳᠦᠷ ᠡᠵᠢ ᠨᠢ ᠮᠦᠠ ᠯᠠ ᠭᠠᠭᠴᠠ ᠦᠨᠢᠶ᠎ᠠ ᠪᠠᠨ ᠬᠠᠷᠡᠵᠦ ᠶᠡᠪᠦᠵᠦ ᠪᠠᠶᠢᠳᠡᠯ᠎ᠠ ᠭᠡᠳᠡᠰᠦ ᠨᠢ ᠡᠪᠡᠳᠤᠭᠡᠤᠨ ᠬᠦᠳᠡᠭᠡ ᠭᠡᠭᠡᠷ᠎ᠠ ᠽᠦᠩᠺᠡᠸ᠎ᠠ ᠪᠤᠷᠬᠠᠠ ᠢ ᠮᠡᠡᠳᠦᠯᠡᠭᠰᠡᠠ ᠭᠡᠨ᠎ᠡ᠃ ᠶᠠᠬ ᠡᠨᠠ ᠤᠢᠶ᠎ᠠ ᠳᠤ ᠭᠠᠭᠴᠠ ᠤᠢᠨᠢᠶ᠎ᠠ ᠨᠢ ᠴᠦ ᠲᠤᠯᠯᠬᠠᠰᠡᠠ ᠪᠠᠶᠢᠵᠠᠢ᠃ ᠭᠡᠷᠪᠡ ᠲᠤᠭᠤᠯ ᠢ ᠬᠦᠯᠳᠡᠭᠡᠵᠦ ᠤᠷᠬᠢᠪᠡᠯ ᠡᠷ᠎ᠡ ᠨᠢ ᠠᠭᠤᠷᠯᠡᠬᠤ ᠠᠴᠠ ᠡᠮᠢᠶᠡᠵᠦ ᠬᠦᠦ ᠪᠠᠨ ᠭᠡᠭᠡ ᠬᠠᠶᠡᠵᠦ ᠲᠤᠭᠤᠯ ᠢᠶᠠᠨ ᠠᠪᠴᠦ ᠬᠠᠷᠢᠵᠡᠢ᠃ ᠲᠡᠭᠡᠭᠡᠦᠠ ᠪᠤᠴᠠᠵᠤ ᠢᠷᠡᠬᠦ ᠳᠤ ᠨᠢ ᠬᠦᠦ ᠨᠢ ᠬᠠᠷᠢᠨ ᠭᠡᠭᠡᠷ᠎ᠡ ᠬᠠᠯᠡᠭᠠ ᠠᠭᠤᠷ ᠰᠡᠪᠰᠡᠭᠤᠯᠴᠢᠬᠠᠬᠰᠡᠠ ᠪᠠᠶᠢᠠᠠᠰᠡᠠ ᠭᠡᠳᠡᠭ᠃ ᠡᠶᠢᠨ ᠬᠦ ᠵᠠᠷᠤᠤᠨ ᠨᠤᠳᠤᠬ ᠲᠤ ᠽᠦᠩᠺᠡᠸ᠎ᠠ ᠪᠤᠷᠬᠠᠠ ᠪᠤᠯ ᠪᠤᠶᠠ ᠲᠠᠢ ᠬᠦᠮᠦᠠ᠂ ᠠᠮᠢᠳᠦ ᠪᠤᠷᠬᠠᠠ ᠭᠡᠯᠴᠡᠵᠦ ᠮᠡᠰᠢ ᠶᠡᠭᠡ ᠪᠠᠷ ᠬᠦᠡᠳᠤᠤᠡᠭᠡᠳᠡᠭ ᠪᠦᠭᠡᠦᠠ ᠲᠡᠬᠦᠠ ᠤ ᠮᠡᠡᠳᠦᠯᠡᠭᠰᠡᠠ ᠡᠳᠢ ᠨᠢ ᠵᠢᠯ ᠪᠦᠷᠢ ᠮᠡᠷᠳᠡᠯ ᠤᠢᠭᠡᠢ ᠲᠤᠷᠡᠰᠬᠠᠠ ᠲᠡᠮᠳᠡᠭᠯᠡᠳᠡᠭ ᠪᠤᠯᠤᠭᠰᠠᠨ ᠠᠵᠢ᠃ ᠦᠯᠢᠭᠡᠷ ᠬᠤᠶᠠᠷᠪᠥᠷ ᠡᠷᠲᠡ ᠳᠡᠭᠡᠳᠦ ᠥᠶ᠎ᠡ ᠳᠤ ᠨᠢᠭᠡᠨ ᠮᠠᠯᠴᠢᠨ ᠡᠵᠢ ᠬᠥᠯ ᠬᠥᠨᠳᠦ ᠮᠠᠯᠴᠢᠨ ᠡᠵᠢ ᠠᠯᠠᠭ ᠥᠷ᠎ᠡ ᠪᠠᠨ ᠬᠡᠪᠡᠯᠢ  ᠳᠡᠭᠡᠨ ᠲᠡᠭᠡᠭᠡᠵᠦ᠂ ᠠᠳᠣᠭᠤ ᠮᠠᠯ ᠳᠠᠭᠠᠨ ᠶᠠᠭᠠᠷᠠᠯᠳᠣᠵᠣ ᠪᠤᠵᠢᠭᠢᠨᠠᠵᠤ ᠯᠡ ᠪᠠᠶᠢᠭᠰᠠᠨ ᠶᠤᠮ ᠭᠡᠨ᠎ᠡ᠃ ᠡᠳᠦᠷ ᠬᠤᠨᠤᠭ ᠥᠩᠭᠡᠷᠡᠭᠰᠡᠭᠡᠷ ᠪᠠᠶᠢᠵᠤ᠂ ᠤᠳᠠᠯ ᠴᠦ ᠥᠭᠡᠢ ᠠᠷᠪᠠᠨ ᠰᠠᠷ᠎ᠠ ᠥᠭᠭᠡᠷᠡᠵᠦ᠂ ᠬᠤᠶᠠᠷ ᠶᠠᠰᠣ ᠰᠠᠯᠬᠤ ᠡᠳᠦᠷ ᠬᠥᠷᠴᠦ ᠢᠷᠡᠪᠡ᠃ ᠭᠡᠬᠦ ᠳᠤ ᠪᠠᠨ ᠡᠨᠡ ᠬᠦ ᠮᠠᠯᠴᠢᠨ ᠡᠵᠢ ᠰᠢᠯᠢᠷᠡᠨ ᠲᠤᠲᠠᠭᠠᠭᠰᠠᠨ ᠥᠨᠢᠶ᠎ᠡ ᠪᠠᠨ ᠡᠷᠢᠬᠦ ᠪᠠᠷ ᠭᠠᠷᠪᠠ᠃ ᠠᠷᠠᠢ ᠴᠢᠷᠠᠢ ᠪᠤᠷᠭᠠᠰᠣᠨ ᠳᠤ ᠨᠢᠭᠤᠭᠳᠠᠨ ᠲᠤᠭᠤᠯᠯᠠᠴᠢᠬᠠᠭᠠᠳ ᠲᠤᠭᠤᠯ ᠤᠨ ᠪᠠᠨ ᠨᠤᠶᠢᠲᠠᠨ ᠰᠠᠯᠢᠶ᠎ᠠ  ᠶᠢ ᠨᠢ ᠳᠤᠯᠢᠶᠠᠵᠤ ᠥᠭᠴᠦ ᠪᠠᠶᠢᠭ᠎ᠠ ᠥᠨᠢᠶ᠎ᠡ ᠪᠠᠨ ᠤᠯᠤᠭᠰᠠᠨ ᠳᠤ ᠥᠪᠡᠷ ᠢᠶᠠᠨ ᠬᠠᠷᠢᠨ ᠪᠥᠬᠦ ᠪᠡᠶ᠎ᠡ ᠨᠢ ᠡᠪᠡᠳᠦᠨ ᠵᠤᠪᠠᠨ ᠪᠠᠶᠢᠵᠤ ᠬᠥᠩᠭᠡᠵᠢᠴᠢᠬᠡᠪᠡ᠃ ᠬᠥᠭᠡᠷᠦᠬᠦᠨ ᠠᠯᠠᠭ ᠥᠷ᠎ᠡ ᠪᠠᠨ ᠥᠵᠡᠭᠰᠡᠨ ᠮᠠᠯᠴᠢᠨ ᠡᠵᠢ ᠳᠤ ᠡᠪᠡᠳᠴᠦ ᠵᠤᠪᠠᠭᠰᠠᠨ ᠨᠢ ᠶᠠᠭᠤ ᠴᠦ ᠪᠢᠰᠢ ᠰᠠᠨᠠᠭᠳᠠᠵᠤ᠂ ᠪᠠᠶᠠᠷ ᠤᠨ ᠢᠨᠢᠶᠡᠳᠦ ᠴᠢᠷᠠᠢ ᠳᠤ ᠨᠢ ᠪᠢᠯᠬᠠᠷᠠᠵᠤ ᠪᠠᠶᠢᠯ᠎ᠠ᠃ ᠬᠠᠷ᠎ᠠ ᠬᠡᠷᠢᠶ᠎ᠡ ᠬᠠᠷᠢᠨ ᠲᠤᠭᠤᠯ ᠤᠨ ᠨᠢᠳᠦ ᠶᠢ ᠢᠳᠡᠬᠦ ᠭᠡᠵᠦ ᠪᠠᠶᠢᠨ ᠪᠠᠶᠢᠨ ᠨᠢᠰᠣᠨ ᠪᠠᠭᠤᠵᠤ ᠢᠷᠴᠦ ᠪᠠᠶᠢᠪᠠ᠃ ᠮᠠᠯᠴᠢᠨ ᠡᠵᠢ ᠬᠡᠷᠢᠶ᠎ᠡ ᠶᠢ ᠬᠥᠭᠡᠭᠡᠳ ᠴᠦ ᠪᠤᠯᠬᠤ ᠥᠭᠡᠢ᠂ ᠴᠤᠬᠢᠭᠠᠳ ᠴᠦ ᠪᠤᠯᠬᠤ ᠥᠭᠡᠢ ᠪᠠᠶᠢᠯ᠎ᠠ᠃ ᠲᠡᠭᠡᠭᠡᠳ ᠬᠤᠷᠳᠣᠬᠠᠨ ᠭᠡᠭᠴᠢ ᠭᠡᠷ ᠲᠤ ᠪᠠᠨ ᠬᠠᠷᠢᠶ᠎ᠠ ᠬᠡᠮᠡᠨ ᠰᠡᠳᠬᠢᠵᠦ᠂ ᠲᠤᠭᠤᠯ ᠲᠠᠢ ᠥᠨᠢᠶ᠎ᠡ ᠪᠠᠨ ᠬᠥᠭᠡᠭᠡᠵᠦ᠂ ᠬᠦᠦ  ᠪᠠᠨ ᠲᠡᠪᠡᠷᠢᠨ ᠶᠠᠪᠤᠶ᠎ᠠ ᠭᠡᠬᠦᠯᠡᠷ ᠲᠤᠭᠤᠯ ᠳᠠᠩᠴᠦ ᠨᠢᠯᠲᠤ ᠨᠢᠷᠠᠢ ᠪᠠᠶᠢᠵᠤ᠂ ᠬᠥᠯ ᠳᠡᠭᠡᠷ᠎ᠡ ᠪᠠᠨ ᠴᠦ ᠳᠣᠭᠲᠠᠬᠤ ᠥᠭᠡᠢ ᠪᠠᠶᠢᠯ᠎ᠠ᠃ ᠬᠥᠥ ᠪᠠᠨ ᠤᠷᠢᠳᠠᠪᠠᠷ ᠠᠪᠠᠴᠢᠵᠤ ᠲᠠᠯᠪᠢᠨ᠎ᠠ ᠤᠤ︖ ᠲᠤᠭᠤᠯ ᠢ ᠨᠢ ᠣᠷᠢᠳᠠᠪᠠᠷ ᠠᠪᠠᠴᠢᠵᠤ ᠲᠠᠯᠪᠢᠨ᠎ᠠ ᠤᠤ︖ ᠭᠡᠰᠡᠨ ᠮᠠᠷᠭᠤᠭᠠᠨ ᠲᠠᠢ ᠠᠰᠠᠭᠤᠳᠠᠯ ᠮᠠᠯᠴᠢᠨ ᠡᠵᠢ ᠳᠤ ᠲᠤᠯᠭᠠᠷᠠᠪᠠ᠃ ︽ᠬᠥᠮᠥᠨ ᠤ ᠥᠷ᠎ᠡ᠂ ᠠᠮᠢᠲᠠᠨ ᠤ ᠥᠷ᠎ᠡ ᠥᠭᠡᠷ᠎ᠡ ᠤᠤ ᠳ᠋ᠠ︖ ᠪᠥᠷ ᠬᠥᠭᠡᠷᠦᠬᠦᠢ︾ ᠭᠡᠳ ᠥᠪᠡᠷ ᠤᠨ ᠬᠥᠥ ᠪᠠᠨ ᠣᠷᠭᠢᠵᠤ ᠲᠤᠭᠤᠯ  ᠢᠶᠠᠨ ᠲᠡᠪᠡᠷᠢᠨ ᠠᠪᠠᠴᠢᠵᠤ ᠲᠠᠯᠪᠢᠪᠠ ᠭᠡᠨ᠎ᠡ᠃ ᠪᠤᠴᠠᠵᠤ ᠢᠷᠡᠬᠦ ᠳᠤᠨᠢ ᠬᠥᠥ ᠨᠢ ᠠᠯᠠᠭ᠎ᠠ ᠪᠤᠯᠤᠭᠰᠠᠨ ᠭᠡᠨ᠎ᠡ᠃ ᠠᠷᠠᠢ ᠪᠤᠭᠤᠳᠠᠯ ᠪᠠᠭᠯᠠᠭ᠎ᠠ ᠨᠢ ᠴᠦ ᠬᠠᠷᠠᠭᠳᠠᠭ᠎ᠠ ᠥᠭᠡᠢ᠃ ᠲᠡᠭᠡᠭᠡᠳ ᠬᠤᠵᠢᠮ ᠤᠨ ᠬᠥᠮᠥᠰ ᠲᠡᠷᠡ ᠭᠥᠥ ᠶᠢ ᠪᠤᠷᠬᠠᠨ ᠬᠡᠮᠡᠨ ᠬᠡᠯᠡᠯᠴᠡᠵᠦ ᠮᠡᠨᠳᠦᠯᠡᠭᠰᠡᠨ ᠡᠳᠦᠷ ᠲᠡᠭᠡᠨ ᠪᠤᠷᠬᠠᠨ ᠪᠤᠯᠤᠯ᠎ᠠ ᠬᠡᠮᠡᠨ ᠪᠢᠯᠢᠭ ᠤᠨ 10 ᠰᠠᠷ᠎ᠠ ᠶᠢᠨ 25  ᠶᠢ ᠪᠤᠷᠬᠠᠨ ᠮᠡᠨᠳᠦᠯᠡᠭᠰᠡᠨ ᠡᠳᠦᠷ ᠢᠶᠠᠷ ᠳᠣᠷᠠᠰᠬᠠᠨ ᠲᠡᠮᠳᠡᠭᠯᠡᠬᠦ ᠪᠤᠯᠤᠭᠰᠠᠨ ᠪᠠᠶᠢᠨ᠎ᠠ᠃ ᠮᠥᠨ ᠲᠡᠷᠡ ᠬᠦ ᠪᠤᠷᠬᠠᠨ ᠶᠢ ᠽᠥᠩᠺᠸ᠎ᠠ ᠪᠤᠷᠬᠠᠨ ᠭᠡᠳᠡᠭ ᠪᠢᠯᠡ ᠭᠦᠮᠪᠦᠮ ᠬᠡᠶᠢᠳ ᠤᠨ ᠠᠷᠪᠠᠨ ᠰᠠᠷ᠎ᠠ ᠶᠢᠨ ᠬᠤᠷᠢᠨ ᠲᠠᠪᠤᠨ ᠤ ᠶᠣᠰᠣ ᠤᠯᠠᠮᠵᠢᠯᠠᠯ ᠭᠦᠮᠪᠤᠮ ᠬᠡᠶᠢᠳ ᠲᠤ ᠪᠤᠯ ᠬᠠᠮᠤᠭ ᠪᠠᠭ᠎ᠠ ᠨᠢ ᠨᠢᠬᠡ ᠭᠦᠮᠤᠨ ᠬᠤᠷᠢᠨ ᠲᠠᠪᠤᠨ ᠭᠤᠤᠯ ᠤᠷᠢᠶᠠᠵᠤ ᠵᠤᠯᠨ ᠪᠠᠷᠢᠳᠠᠭ ᠃ ᠴᠦᠭᠦᠴᠠ ᠶᠢ ᠵᠤᠨ ᠤ ᠴᠠᠭ ᠲᠤ ᠤᠯᠠᠭᠠᠨ ᠰᠢᠪᠡᠷ ᠢᠶᠠᠷ ᠬᠢᠵᠤ᠂ ᠬᠠᠯᠠᠭᠤᠨ ᠨᠠᠷᠠᠨ ᠳᠤ ᠬᠠᠳᠠᠭᠠᠵᠤ᠂ ᠪᠠᠰᠠ ᠭᠠᠯ ᠳᠤ ᠰᠢᠳᠠᠭᠠᠨ ᠪᠠᠬᠢ ᠪᠠᠳᠤ ᠪᠤᠯᠭᠠᠨ ᠪᠡᠯᠡᠳᠬᠡᠬᠡᠳ᠂ ᠵᠤᠯᠨ ᠰᠠᠷ᠎ᠠ ᠪᠤᠯᠬᠤ ᠳᠤ ᠲᠤᠳᠤᠷ᠎ᠠ ᠨᠢ ᠤᠷᠭᠤᠮᠠᠯ ᠤᠨ ᠲᠤᠰᠤ ︵ᠬᠠᠷ᠎ᠠ ᠲᠤᠰᠤ︶ ᠬᠢᠵᠤ ᠵᠤᠯᠨ ᠪᠠᠷᠢᠳᠠᠭ᠃ ᠢᠩᠬᠢᠵᠤ ᠵᠤᠯᠨ ᠪᠠᠷᠢᠭᠰᠡᠨ ᠠᠴᠠ ᠲᠡᠷᠨ ᠰᠢᠪᠡᠷ ᠴᠦᠭᠦᠴᠠ  ᠨᠢ ᠵᠢᠯ ᠠᠴᠠ ᠵᠢᠯ ᠳᠤ ᠪᠠᠳᠤ ᠪᠠᠬᠢ ᠪᠤᠯᠵᠤ ᠪᠠᠶᠢᠳᠠᠭ᠃ ᠲᠡᠭᠦᠨ ᠢ ᠦᠷᠭᠦᠯᠵᠢ ᠬᠡᠷᠡᠭᠯᠡᠭᠦ ᠦᠭᠡᠢ ᠲᠤᠯᠨ ᠬᠡᠷᠡᠭᠯᠡᠵᠤ ᠪᠠᠷᠠᠪᠠᠯ ᠮᠤᠳᠤᠨ ᠬᠠᠶᠢᠷᠴᠠᠭ ᠲᠤ ᠬᠢᠵᠤ᠂ ᠠᠮᠨ ᠶᠢ ᠨᠢ ᠴᠠᠭᠠᠰᠤ ᠪᠠᠷ ᠲᠠᠷᠤᠵᠤ ᠬᠠᠳᠠᠭᠠᠯᠠᠵᠤ ᠲᠠᠯᠪᠢᠳᠠᠭ᠃ ᠡᠨᠡ ᠵᠤᠯᠨ ᠶᠢ ᠲᠦᠪᠡᠳ ᠢᠶᠠᠷ ᠯᠠᠩ ᠮᠧ ︵glang me︶ ᠬᠡᠳᠡᠭ᠃ ᠭᠠᠳᠠᠭ᠎ᠠ ᠰᠢᠳᠠᠭᠠᠳᠠᠭ ᠵᠤᠯᠨ ᠬᠡᠰᠡᠨ ᠤᠳᠬ᠎ᠠ ᠲᠠᠢ᠃ ᠭᠦᠮᠪᠤᠮ ᠳᠤ ᠵᠤᠯᠨ ᠶᠢ ᠭᠠᠳᠠᠭ᠎ᠠ ᠬᠡᠷᠡᠮ ᠲᠡᠬᠡᠷ᠎ᠡ ᠵᠡᠷᠬᠡᠴᠡᠭᠦᠯᠤᠨ ᠡᠩᠨᠡᠭᠦᠯᠵᠤ ᠲᠠᠯᠪᠢᠵᠤ ᠪᠠᠷᠢᠳᠠᠭ᠃ ᠲᠡᠬᠡᠬᠡᠳ ᠠᠯᠳᠠᠨ ᠲᠡᠬᠡᠪᠤᠷ ᠲᠠᠢ ᠰᠦᠮ᠎ᠡ ᠲᠤᠳᠤᠷ᠎ᠠ ᠨᠤᠮ ᠢ ᠨᠢ ᠤᠩᠰᠢᠳᠠᠭ᠃ ᠵᠤᠯᠨ ᠰᠠᠷ᠎ᠠ ᠶᠢᠨ ᠬᠤᠷᠢᠨ ᠭᠤᠷᠪᠠᠨ ᠠᠴᠠ ᠡᠬᠢᠯᠡᠬᠡᠳ ᠬᠤᠷᠢᠨ ᠶᠢᠰᠤᠨ ᠭᠦᠷᠳᠡᠯ᠎ᠡ ᠲᠤᠯᠤᠭᠠᠨ ᠡᠳᠤᠷ ᠬᠤᠷᠠᠯ ᠬᠤᠷᠠᠳᠠᠭ᠃ ᠵᠢᠷᠭᠤᠭᠠᠨ ᠡᠳᠤᠷ ᠤᠨ ᠮᠠᠨᠵᠢ ︵ᠬᠤᠭᠤᠯᠨ ᠴᠠᠪ︶ ᠪᠠᠷᠢᠳᠠᠭ᠃ ᠭᠤᠷᠪᠠᠨ ᠡᠳᠤᠷ ᠢ ᠨᠢ ᠤᠯᠠᠭᠠᠨ ᠯᠠᠪᠷᠤᠩ ᠲᠠᠭᠠᠭᠠᠵᠤ᠂ ᠪᠠᠰᠠ ᠭᠤᠷᠪᠠᠨ ᠡᠳᠤᠷ ᠢ  ᠨᠢ ᠮᠠᠮᠪᠠ ᠳ᠋ᠠᠽᠠᠩ᠂ ᠵᠤᠳᠪᠠ ᠳ᠋ᠠᠽᠠᠩ ᠲᠤᠰ ᠪᠦᠷᠢ ᠨᠢᠬᠡ ᠨᠢᠬᠡ ᠡᠳᠤᠷ ᠢ ᠲᠠᠭᠠᠭᠠᠳᠠᠭ ᠪᠠᠶᠢᠭᠰᠡᠨ᠃ ᠢᠩᠬᠢᠵᠤ ᠮᠠᠨᠵᠢ ᠪᠠᠷᠢᠵᠤ ᠤᠯᠠᠨ ᠯᠠᠮᠨ ᠨᠡᠷ ᠢ ᠬᠤᠭᠤᠯᠠᠯᠠᠭᠤᠯᠵᠤ ᠪᠠᠶᠢᠭ᠎ᠠ ᠪᠤᠯ ᠭᠦᠮᠪᠤᠮ ᠲᠡᠬᠡᠳᠤ ᠤᠨ ᠯᠠᠮᠨ ᠨᠡᠷ ᠮᠤᠩᠭᠤᠯ ᠲᠦᠪᠡᠳ ᠤᠯᠠᠨ ᠭᠠᠵᠠᠷ ᠢᠶᠠᠷ ᠨᠢᠬᠡ ᠵᠢᠯ ᠪᠠᠳᠢᠷ ᠪᠠᠷᠢᠵᠤ ᠤᠯᠵᠤ ᠢᠷᠡᠭᠰᠡᠨ ᠮᠦᠩᠭᠦ ᠲᠦᠭᠦᠷᠢᠭ ᠪᠤᠶᠤ ᠡᠷᠭᠦᠯ ᠪᠠᠷᠢᠴᠠ ᠶᠤᠮ᠃ ᠲᠡᠬᠡᠬᠡᠳ ᠲᠡᠷᠨ ᠦᠭᠯᠢᠬᠡ ᠦᠭᠭᠦᠭᠰᠡᠨ ᠭᠦᠮᠤᠰ ᠤᠨ ᠨᠡᠷᠡᠰ ᠢ ᠲᠡᠷᠨ ᠬᠤᠷᠠᠯ ᠬᠤᠷᠠᠬᠤ ᠳᠤ ᠲᠤᠷᠠᠳᠴᠤ᠂ ᠨᠠᠰᠤ ᠪᠠᠷᠠᠭᠰᠡᠨ ᠭᠦᠮᠤᠨ ᠳᠤᠨᠢ ᠪᠤᠷᠬᠠᠨ ᠤ ᠬᠤᠳᠤᠭ ᠢ ᠤᠯᠬᠤ᠂ ᠲᠠᠮᠤ ᠳᠤ ᠶᠠᠪᠤᠬᠤ ᠦᠭᠡᠢ᠂ ᠨᠢᠭᠦᠯ ᠬᠢᠯᠢᠨᠴᠠ ᠶᠢ ᠠᠷᠢᠯᠭᠠᠬᠤ ᠢᠷᠤᠬᠡᠯ ᠠᠪᠴᠤ᠂ ᠠᠮᠢᠳᠤ ᠪᠠᠶᠢᠭ᠎ᠠ ᠭᠦᠮᠤᠰ ᠲᠤ ᠡᠪᠡᠳᠴᠢᠨ ᠲᠠᠬᠤᠯ ᠢᠷᠡᠭᠦ ᠦᠭᠡᠢ᠂ ᠬᠡᠢ ᠮᠤᠷᠢ ᠲᠡᠭᠡᠭᠰᠢᠯᠡᠵᠤ᠂ ᠪᠤᠶᠠᠨ ᠬᠡᠰᠢᠭ ᠢᠷᠡᠳᠤᠬᠡᠢ ᠬᠡᠵᠤ ᠢᠷᠤᠬᠡᠵᠤ ᠪᠠᠶᠢᠳᠠᠭ ᠪᠢᠯᠨ᠃ ᠵᠤᠯᠨ ᠰᠠᠷ᠎ᠠ ᠶᠢᠨ ᠬᠤᠷᠢᠨ ᠲᠠᠪᠤᠨ ᠤ ᠤᠷᠤᠢ᠂ ᠤᠯᠠᠭᠠᠨ ᠯᠠᠪᠷᠤᠩ ᠤᠨ ᠲᠠᠨᠳᠠ ᠪᠦᠷᠢᠶ᠎ᠠ ᠦᠯᠢᠶᠡᠳᠡᠭ᠂ ᠠᠶᠢᠯ ᠪᠦᠭᠦᠳᠠ ᠬᠡᠷ ᠤᠨ ᠢᠶᠠᠨ ᠪᠦᠷᠢᠶ᠎ᠠ ᠶᠢ ᠠᠪᠴᠤ ᠲᠠᠨᠳᠠ ᠭᠦᠷᠴᠤ ᠦᠯᠢᠶᠡᠳᠡᠭ᠃ ᠵᠢᠯ ᠳᠤ ᠮᠦᠨ ᠡᠨᠡ ᠨᠢᠬᠡ ᠡᠳᠤᠷ ᠯᠡ ᠬᠡᠷ ᠬᠡᠷ ᠤᠨ ᠪᠦᠷᠢᠶ᠎ᠠ ᠶᠢ ᠲᠠᠨᠳᠠ ᠦᠯᠢᠶᠠᠵᠤ ᠪᠤᠯᠤᠨ᠎ᠠ᠃ ᠪᠤᠰᠤᠳ ᠡᠳᠤᠷ ᠠᠳᠠ ᠦᠯᠢᠶᠠᠭᠦ ᠦᠭᠡᠢ᠃ ᠵᠤᠯᠨ ᠰᠠᠷ᠎ᠠ ᠶᠢᠨ ᠬᠤᠷᠢᠨ ᠲᠠᠪᠤᠨ ᠤ ᠡᠳᠤᠷ ᠯᠾᠰᠠ ᠳᠤ ᠶᠡᠭᠡ ᠭᠦᠯ ᠭᠦᠳᠡᠯᠬᠡᠬᠡᠨ ᠲᠠᠢ ᠪᠠᠶᠢᠳᠠᠭ᠃ ᠯᠾᠰᠠ ᠶᠢᠨ ᠬᠠᠮᠤᠭ ᠶᠡᠭᠡ ᠬᠡᠶᠢᠳ ᠪᠤᠯᠬᠤ ᠪᠠᠷᠠᠶᠢᠪᠤᠩ ᠬᠡᠶᠢᠳ ᠤᠨ ᠴᠤᠭᠴᠢᠨ ᠲᠤᠭᠠᠩ ᠤᠨ ᠤᠷᠤᠢ ᠲᠡᠬᠡᠷ᠎ᠡ᠂ ᠪᠤᠷᠬᠠᠨ ᠪᠠᠭᠰᠢ  ᠳᠤ ᠯᠤᠤᠰ ᠪᠡᠯᠡᠬᠡᠯᠡᠭᠰᠡᠨ ᠲᠤᠮᠤᠭ ᠲᠠᠢ ᠲᠤᠩ ᠪᠦᠷᠢᠶ᠎ᠠ ᠶᠢ ᠠᠪᠴᠤ ᠭᠠᠷᠭᠠᠭᠠᠳ ᠭᠦᠮᠤᠰ ᠲᠤ ᠦᠯᠢᠶᠡᠯᠬᠡᠳᠡᠭ᠃ ᠡᠨᠡ ᠪᠦᠷᠢᠶ᠎ᠠ ᠶᠢ ᠦᠯᠢᠶᠡᠪᠡᠯ᠂ ᠨᠢᠬᠡ ᠨᠠᠰᠤᠨ ᠳᠤ ᠬᠡᠢ ᠮᠤᠷᠢ ᠲᠠᠢ᠂ ᠬᠡᠷᠡᠭ ᠤᠴᠢᠷ ᠪᠦᠳᠤᠭᠦ ᠶᠢᠨ ᠪᠡᠯᠬᠡᠳᠡᠯ ᠪᠤᠯᠵᠤ ᠪᠠᠶᠢᠳᠠᠭ ᠶᠤᠮ᠃ ᠲᠡᠷᠨ ᠪᠦᠷᠢᠶ᠎ᠠ ᠶᠢ ᠲᠦᠷᠪᠡᠨ ᠵᠦᠭ ᠲᠤ ᠬᠠᠨᠳᠤᠭᠤᠯᠵᠤ᠂ ᠭᠦᠮᠤᠰ ᠦᠯᠢᠶᠡᠵᠤ ᠪᠠᠷᠠᠭᠰᠡᠨ ᠤ ᠲᠠᠷᠠᠭ᠎ᠠ᠂ ᠰᠦᠨᠢ ᠶᠢᠨ ᠠᠷᠪᠠᠨ ᠬᠤᠶᠠᠷ ᠴᠠᠭ ᠦᠩᠬᠡᠷᠡᠭᠦ ᠳᠤ᠂ ᠲᠡᠷᠨ ᠪᠦᠷᠢᠶ᠎ᠠ ᠶᠢ ᠠᠷᠢᠭᠤᠳᠬᠠᠵᠤ᠂ ᠠᠮᠨ ᠶᠢ ᠨᠢ ᠴᠠᠭᠠᠰᠤ ᠨᠠᠭᠠᠵᠤ᠂ ᠪᠦᠷᠢᠶ᠎ᠠ ᠶᠢ ᠲᠡᠪᠤᠤ ᠳᠤ ᠤᠷᠢᠶᠠᠭᠠᠳ᠂ ᠪᠠᠷᠠᠶᠢᠪᠤᠩ ᠬᠡᠶᠢᠳ ᠤᠨ ᠴᠤᠭᠴᠢᠨ ᠲᠤᠭᠠᠩ ᠤᠨ ᠬᠤᠶᠠᠷ ᠲᠠᠪᠬᠤᠷ ᠲᠤ ᠬᠠᠳᠠᠭᠠᠯᠠᠵᠤ᠂ ᠲᠠᠷᠠᠭ᠎ᠠ ᠵᠢᠯ ᠢᠷᠡᠭᠦ ᠵᠤᠯᠨ ᠰᠠᠷ᠎ᠠ ᠶᠢᠨ ᠬᠤᠷᠢᠨ ᠲᠠᠪᠤᠨ ᠭᠦᠷᠳᠡᠯ᠎ᠡ ᠬᠡᠨ ᠴᠤ ᠲᠡᠭᠦᠨ ᠢ ᠭᠦᠳᠡᠯᠬᠡᠳᠡᠭ ᠦᠭᠡᠢ᠃ ᠡᠭᠦᠨ ᠠᠴᠠ ᠭᠠᠳᠠᠨ᠎ᠠ᠂ ᠲᠦᠪᠡᠳ ᠤᠨ ᠳ᠋ᠠᠭᠯᠤᠩᠭ᠋ᠳᠪᠠ ᠬᠡᠶᠢᠳ ᠲᠤ ᠪᠠᠶᠢᠬᠤ ᠮᠢᠯᠠᠷᠠᠶᠢᠪᠠ ᠪᠤᠭᠳᠠ ᠶᠢᠨ ᠡᠬᠡ ᠶᠢᠨ ᠴᠢᠮᠤᠬᠡᠨ ᠶᠠᠰᠤ ᠬᠡᠭᠦ ᠰᠢᠳᠤᠬᠡᠨ ᠳᠤ ᠭᠦᠮᠤᠰ ᠤᠴᠢᠵᠤ ᠶᠡᠭᠡ ᠮᠦᠷᠭᠦᠳᠡᠭ ᠪᠢᠯᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号