ᠬᠤᠸ᠎ᠠ ᠮᠠᠷᠠᠯ
ᠨᠡᠶᠢᠲᠡᠯᠡᠭᠰᠡᠨ ᠴᠠᠭ᠄
2019/11/25
      ᠬᠤᠸ᠎ᠠ ᠮᠠᠷᠠᠯ ᠭᠡᠳᠡᠭ ᠦᠭᠡ ᠶᠢ ᠬᠠᠵᠠᠭᠤ ᠶᠢᠨ ᠣᠷᠴᠢᠭᠤᠯᠭ᠎ᠠ ᠳᠤ᠂ ︽ᠬᠤᠸ᠎ᠠ ᠪᠣᠭᠤ︾᠂ ︽ᠬᠤᠸ᠎ᠠ︾ ᠪᠦᠬᠡᠰᠦ ᠵᠢᠰᠣᠮ ᠤᠨ᠂ ︽ᠮᠠᠷᠠᠯ︾ ᠪᠦᠭᠡᠰᠦ ᠪᠣᠭᠤ ᠪᠣᠯᠠᠢ ᠭᠡᠪᠡ᠃ ᠬᠢᠲᠠᠣᠨ ᠰᠣᠷᠪᠣᠯᠵᠢ ᠪᠢᠴᠢᠭ ᠤᠳ ᠲᠤ ᠮᠦᠨ ᠡᠶᠢᠮᠦᠷᠬᠦ ᠮᠠᠶ᠋ᠢᠭ ᠢᠶᠠᠷ ᠪᠢᠴᠢᠭᠳᠡᠵᠦ᠂ ᠳᠠᠶᠢᠯᠪᠣᠷᠢᠯᠠᠭᠳᠠᠵᠦ ᠪᠠᠶᠢᠳᠠᠭ᠃ ᠡᠨᠡ ᠨᠢ ᠦᠨᠡᠨ ᠳᠡᠭᠡᠨ ᠮᠣᠩᠭᠤᠯ ᠬᠦᠮᠦᠨ ᠎ ᠢ ᠳᠣᠷᠣᠮᠵᠢᠯᠠᠵᠦ ᠪᠢᠴᠢᠭᠰᠡᠨ ᠰᠠᠨᠠᠭ᠎ᠠ ᠲᠠᠢ ᠶᠣᠮ᠃ ᠬᠤᠸ᠎ᠠ ᠭᠡᠳᠡᠭ ᠦᠭᠡ ᠬᠠᠯᠬ᠎ᠠ ᠳᠤ ᠮᠦᠨ ᠯᠡ ᠮᠠᠷᠲᠠᠭᠳᠠᠭᠰᠠᠨ ᠦᠭᠡ ᠪᠣᠯᠳᠠᠭ᠃ ᠮᠠᠨ ᠤ ᠬᠡᠯᠡᠯᠭᠡ ᠳᠤ᠂ ᠬᠤᠸ᠎ᠠ ᠭᠡᠳᠡᠭ ᠦᠭᠡ ᠶᠢ ᠭᠠᠵᠠᠷ ᠣᠰᠣᠨ ᠤ ᠨᠡᠷ᠎ᠡ ᠪᠠᠷ ᠬᠡᠷᠡᠭᠯᠡᠬᠦ ᠳᠡᠭᠡᠨ ᠬᠤᠸᠠᠦ᠋ᠨᠳᠣᠷ᠂ ᠦᠨᠳᠦᠷᠬᠤᠸ᠎ᠠ ᠭᠡᠵᠦ᠂ ᠬᠦᠮᠦᠨ ᠤ ᠨᠡᠷ᠎ᠡ ᠪᠠᠷ ᠬᠡᠷᠡᠭᠯᠡᠬᠦ ᠳᠡᠭᠡᠨ ᠬᠤᠸᠠᠴᠠᠭᠠᠨ᠂ ᠬᠤᠸᠠᠰᠢᠪᠠᠭᠤ ᠭᠡᠬᠦ ᠮᠡᠲᠦ ᠪᠠᠷ ᠨᠡᠷᠡᠯᠡᠨ ᠳᠠᠭᠤᠳᠠᠳᠠᠭ᠃ ᠲᠡᠶᠢᠮᠦ ᠪᠠᠷ ᠢᠶᠠᠨ᠂ ᠬᠤᠸ᠎ᠠ ᠭᠡᠳᠡᠭ ᠦᠭᠡ ᠪᠣᠯ ᠳᠠᠷᠣᠢ ᠴᠠᠭᠠᠨ᠂ ᠰᠢᠷ᠎ᠠ ᠵᠢᠰᠦᠮ ᠤᠨ ᠲᠣᠮᠳᠠᠬᠢ ᠦᠩᠬᠡ ᠪᠣᠯᠣᠨ᠎ᠠ᠃ ᠮᠠᠷᠠᠯ ᠭᠡᠳᠡᠭ ᠦᠭᠡ ᠶᠢ ︽ᠪᠣᠭᠤ︾ ᠭᠡᠵᠦ ᠲᠠᠶᠢᠯᠪᠣᠷᠢᠯᠠᠬᠤ ᠨᠢ ᠴᠦ ᠪᠣᠷᠣᠭᠤ ᠶᠣᠮ᠃ ᠮᠣᠩᠭᠤᠯ ᠤᠨ ᠨᠢᠭᠤᠴᠠ ᠲᠣᠪᠴᠢᠶᠠᠨ ᠤ ᠨᠢᠭᠡᠳᠦᠭᠡᠷ ᠪᠣᠳ᠋ ᠳᠤ᠂ ︽ᠨᠢᠭᠡᠨ ᠡᠳᠦᠷ ᠳᠣᠪᠤ ᠮᠡᠷᠭᠡᠨ ᠲᠣᠭᠤᠴᠠᠭ ᠦᠨᠳᠦᠷ ᠠᠭᠤᠯᠠᠨ ᠳᠤ ᠠᠪᠠ ᠬᠢᠬᠦ ᠪᠠᠷ ᠭᠠᠷᠣᠭᠰᠠᠨ᠎ᠠ ᠣᠢ ᠳᠣᠲᠣᠷ᠎ᠠ ᠨᠢᠬᠡᠨ ᠣᠷᠢᠶᠠᠩᠬᠠᠢ ᠬᠦᠮᠦᠨ ᠴᠦᠬᠦ ᠪᠣᠭᠤ ᠠᠯᠠᠭᠠᠣᠨ᠂ ᠬᠠᠪᠢᠷᠭ᠎ᠠ ᠠᠪᠢᠣᠨ ᠢ ᠰᠢᠷᠠᠵᠦ ᠪᠦᠬᠦᠢ ᠯᠦᠭᠡ ᠠᠭᠤᠯᠵᠠᠪᠠ︾ ᠭᠡᠰᠡᠨ ᠲᠡᠮᠳᠡᠭᠯᠡᠯ ᠪᠣᠢ᠃ ᠡᠭᠦᠨ ᠠᠴᠠ ᠦᠵᠡᠬᠦ ᠳᠤ᠂ ︽ᠪᠣᠭᠤ︾ ᠭᠡᠳᠡᠭ ᠦᠭᠡ ᠣᠣᠯ ᠪᠢᠴᠢᠭ ᠲᠤ ᠲᠣᠰᠬᠠᠢ ᠪᠡᠶ᠎ᠡ ᠪᠠᠨ ᠳᠠᠭᠠᠭᠠᠭᠰᠠᠨ ᠣᠣᠠᠬ᠎ᠠ ᠪᠠᠷ ᠬᠡᠷᠡᠭᠯᠡᠭᠳᠡᠭᠰᠡᠨ ᠪᠦᠭᠡᠣᠨ ︽ᠮᠠᠷᠠᠯ︾ ᠭᠡᠳᠡᠭ ᠦᠭᠡ ᠨᠢ ᠴᠦ ︽ᠪᠣᠭᠤ︾ ᠭᠡᠳᠡᠭ ᠦᠭᠡ ᠪᠢᠰᠢ ᠪᠣᠯᠬᠤ ᠶᠢ ᠠᠳᠡ ᠬᠡᠷᠡᠴᠢᠯᠡᠵᠦ ᠪᠠᠶᠢᠨ᠎ᠠ᠃ ᠲᠡᠭᠡᠬᠦ ᠪᠠᠷ ᠪᠠᠷᠠᠬᠤ ᠦᠭᠡᠢ᠂ ᠮᠣᠩᠭᠤᠯ ᠤᠨ ᠦᠯᠢᠭᠡᠷ ᠳᠣᠮᠤᠭ ᠤᠳ ᠎ ᠲᠤ ︽ᠮᠠᠷᠠᠯ︾ ᠭᠡᠳᠡᠭ ᠦᠭᠡ ᠮᠠᠰᠢ ᠣᠯᠠᠨ ᠬᠠᠷᠠᠭᠳᠠᠳᠠᠭ᠃ ᠡᠨᠡ ᠦᠨᠳᠦᠰᠦᠯᠡᠯ ᠢᠶᠠᠷ᠂ ︽ᠮᠠᠷᠠᠯ︾ ᠭᠡᠳᠡᠭ ᠦᠭᠡ ᠶᠢ ᠰᠢᠨᠵᠢᠯᠡᠬᠦ ᠳᠤ ᠰᠢᠷᠭᠠᠯ ᠭᠡᠷᠡᠯ ᠰᠠᠴᠣᠷᠠᠭᠰᠠᠨ ᠨᠢᠬᠡ ᠵᠦᠢᠯ ᠤᠨ ᠲᠡᠭᠷᠢ ᠶᠢᠨ ᠣᠳᠣ ᠪᠣᠯᠣᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号