ᠦᠬᠢᠨ ᠬᠦᠮᠦᠨ ᠢ ᠪᠠᠭ᠎ᠠ ᠪᠠᠯᠴᠢᠷ ᠲᠤ ᠨᠢ ᠵᠤᠯᠠᠢ ᠲᠡᠭᠡᠷ᠎ᠡ ᠨᠢ ᠭᠡᠵᠢᠭᠡ ᠦᠯᠡᠳᠡᠭᠡᠵᠤ ᠤᠯᠠᠭᠠᠨ ᠨᠤᠭᠤᠭᠠᠨ | ᠫᠠᠩᠰᠠ ᠪᠠᠷ ᠤᠶᠠᠵᠤ ᠦᠭᠳᠡᠭ᠃ ᠠᠷᠪᠠᠭᠠᠳ ᠨᠠᠰᠤᠯᠠᠳᠠᠯ᠎ᠠ ᠪᠤᠶᠤ ᠪᠦᠬᠦᠯᠢ ᠦᠰᠤ ᠲᠠᠯᠪᠢᠬᠤ ᠪᠤᠯᠳᠠᠯ᠎ᠠ ᠪᠠᠨ | ᠰᠠᠯᠠᠭᠠᠯᠠᠵᠤ ᠤᠶᠠᠵᠤ ᠪᠠᠰᠠ ᠪᠤᠯᠳᠠᠭ᠃ ᠵᠠᠷᠢᠮ ᠨᠢ ᠲᠡᠪᠡᠭ ᠭᠡᠵᠢᠭᠡ ᠠᠪᠤᠭᠠᠳ ᠤᠷᠤᠢ ᠲᠡᠭᠡᠷ᠎ᠡ ᠨᠢ ᠤᠳᠦ᠋ᠢᠯᠠᠭᠠᠵᠤ | ᠭᠠᠭᠴᠠᠬᠠᠨ ᠤᠶᠠᠬᠤ ᠪᠤᠶᠤ ᠡᠰᠡᠬᠦᠯ᠎ᠡ ᠢᠰᠢᠭᠡᠨ ᠤ ᠡᠪᠡᠷ ᠰᠢᠭ ᠬᠤᠤᠰ ᠤᠶᠠᠬᠤ ᠴᠤ ᠪᠤᠢ᠃ 14 — 15 | ᠨᠠᠰᠤᠯᠠᠪᠠᠯ ᠤᠷᠳᠤ ᠦᠰᠤ ᠪᠠᠨ ᠭᠠᠭᠴᠠ ᠭᠡᠵᠢᠭᠡ ᠬᠦᠷᠦᠵᠤ ᠤᠭ ᠪᠤᠶᠤ ᠦᠵᠦᠬᠦᠷ ᠲᠤ ᠨᠢ ᠱᠢᠷᠤ ᠰᠤᠪᠤᠳ ᠤᠨ | ᠵᠦᠢᠯ ᠢ ᠤᠶᠠᠵᠤ ᠲᠠᠯᠤ ᠤᠷᠤᠭᠤ ᠪᠠᠨ ᠲᠠᠯᠪᠢᠳᠠᠭ᠃ ᠡᠶᠢᠮᠤ ᠦᠬᠢᠨ ᠢ ᠦᠰᠤ ᠲᠠᠯᠪᠢᠬᠰᠠᠨ ᠦᠬᠢᠨ ᠪᠤᠶᠤ | ᠪᠤᠰᠤᠭ᠎ᠠ ᠦᠬᠢᠨ ᠭᠡᠳᠡᠭ᠃ ᠦᠰᠤ ᠲᠠᠯᠪᠢᠬᠰᠠᠨ ᠦᠬᠢᠨ ᠬᠤᠷᠢᠮᠯᠠᠬᠤ ᠠᠴᠠ ᠪᠠᠨ ᠡᠮᠦᠨ᠎ᠡ ᠰᠠᠯᠠᠭ᠎ᠠ ᠭᠡᠵᠢᠭᠡ | ᠬᠦᠷᠦᠵᠤ ᠪᠤᠯᠬᠤ ᠦᠭᠡᠢ᠃ ᠬᠤᠷᠢᠮᠯᠠᠬᠰᠠᠨ ᠤ ᠲᠠᠷᠠᠭ᠎ᠠ ᠰᠠᠶ᠋ᠢ ᠭᠡᠵᠢᠭᠡ ᠪᠠᠨ ᠲᠡᠭᠡᠭᠰᠢ ᠱᠠᠩᠬᠤᠯᠠᠵᠤ ᠬᠤᠶᠠᠷ | ᠬᠦᠷᠦᠵᠤ ᠪᠤᠭᠤᠳᠠᠭ᠃ ᠦᠬᠢᠨ ᠬᠦᠮᠦᠨ ᠭᠡᠵᠢᠭᠡ ᠪᠠᠨ ᠭᠠᠭᠴᠠ ᠬᠦᠷᠦᠳᠡᠭ ᠨᠢ ᠬᠤᠷᠢᠮᠯᠠᠬᠤ ᠠᠴᠠ ᠡᠮᠦᠨ᠎ᠡ ᠪᠤᠯ | ᠭᠠᠭᠴᠠ ᠪᠡᠶ᠎ᠡ ᠪᠠᠷ ᠢᠶᠠᠨ ᠭᠡᠰᠡᠨ ᠰᠠᠨᠠᠭ᠎ᠠ᠃ | ᠦᠬᠢᠳ ᠨᠢ ᠨᠢᠯᠬ᠎ᠠ ᠠᠴᠠ ᠪᠠᠨ ᠠᠪᠤᠭᠠᠳ ᠦᠰᠤ ᠬᠢᠷᠭᠠᠬᠤ ᠦᠭᠡᠢ ᠪᠠᠶᠢᠬᠰᠠᠭᠠᠷ ᠬᠦᠷᠦᠮᠡᠷ ᠤᠷᠳᠤ ᠪᠤᠯᠪᠠᠯ | ᠠᠷᠪᠠᠭᠠᠳ ᠨᠠᠷᠢᠨ ᠭᠡᠵᠢᠭᠡ ᠬᠦᠷᠦᠵᠤ ᠠᠷᠤ ᠦᠪᠤᠷ ᠬᠤᠶᠠᠷ ᠮᠦᠷᠤ ᠤᠷᠤᠭᠤ ᠪᠠᠨ ᠲᠠᠯᠪᠢᠭᠠᠳ ᠯᠠ ᠶᠠᠪᠤᠳᠠᠭ᠃ | ᠡᠷᠳᠡ ᠦᠶ᠎ᠡ ᠳᠤ ᠭᠡᠤᠭᠡᠨᠴᠤᠳ ᠭᠡᠵᠢᠭᠡᠨ ᠤ ᠭᠡᠯᠪᠡᠷᠢ ᠶᠢ ᠡᠷᠬᠢᠮᠯᠡᠵᠤ ᠪᠠᠶᠢᠵᠠᠢ᠃ ᠬᠤᠵᠢᠮ ᠨᠢ ᠬᠤᠷᠴᠢᠨ | ᠭᠡᠤᠭᠡᠨᠴᠤᠳ ᠤᠨ ᠬᠢ ᠰᠢᠭ ᠠᠷᠤᠨᠰᠢ ᠪᠠᠨ ᠭᠠᠭᠴᠠ ᠬᠦᠷᠦᠮᠡᠯ ᠪᠢᠳᠡᠬᠦᠤ ᠭᠡᠵᠢᠭᠡ ᠲᠠᠯᠪᠢᠳᠠᠭ ᠪᠤᠯᠵᠠᠢ᠃ | ᠲᠦᠷᠪᠡᠳ ᠨᠤᠳᠤᠭ ᠲᠤ᠂ ᠦᠬᠢᠨ ᠬᠦᠮᠦᠨ ᠢ ᠪᠠᠭ᠎ᠠ ᠳᠤ ᠨᠢ ᠲᠤᠬᠤ ᠭᠡᠵᠢᠭᠡ ᠲᠠᠯᠪᠢᠭᠤᠯᠵᠤ᠂ 13 ᠨᠠᠰᠤᠨ ᠤ | ᠦᠶ᠎ᠡ ᠳᠤ ᠨᠢ ᠪᠢᠳᠡᠬᠦᠤ ᠭᠡᠵᠢᠭᠡ ᠲᠠᠯᠪᠢᠭᠤᠯᠤᠨ᠎ᠠ᠃ ᠤᠷᠠᠳ ᠲᠤ ᠭᠡᠤᠭᠡᠨ ᠬᠦᠮᠦᠨ 13 ᠨᠠᠰᠤᠳᠠᠢ ᠳᠤ ᠪᠠᠨ | ᠪᠦᠬᠦᠯᠢ ᠭᠡᠵᠢᠭᠡ ᠦᠯᠡᠳᠡᠭᠡᠵᠤ᠂ ᠠᠮᠢᠨᠳᠠᠢ ᠵᠡᠬᠦᠵᠤ᠂ 16 — 17 ᠨᠠᠰᠤᠨ ᠤ ᠦᠶ᠎ᠡ ᠳᠤ ᠪᠠᠨ ᠭᠤᠷᠪᠠᠨ ᠨᠠᠷᠢᠨ | ᠭᠡᠵᠢᠭᠡ ᠬᠦᠷᠦᠵᠤ ᠭᠤᠴᠢᠨ ᠬᠤᠶᠠᠷ ᠭᠡᠯᠬᠢᠶ᠎ᠡ ᠲᠠᠢ ᠭᠡᠵᠢᠭᠡᠨ ᠲᠤᠤᠷ ᠵᠡᠬᠦᠳᠡᠭ ᠪᠠᠶᠢᠬᠰᠠᠨ ᠭᠡᠳᠡᠭ᠃ | | |