ᠮᠣᠩᠭᠤᠯ ᠨᠠᠭᠠᠳᠤᠭᠠᠢ ᠄  ᠱᠠᠭ᠎ᠠ ᠰᠢᠭᠦᠷᠡᠬᠦ
ᠨᠡᠶᠢᠲᠡᠯᠡᠭᠰᠡᠨ ᠴᠠᠭ᠄
2019/11/25
ᠱᠠᠭ᠎ᠠ ᠰᠢᠭᠦᠷᠡᠬᠦ ᠲᠣᠭᠯᠠᠭᠠᠮ ᠢᠶᠠᠷ ᠣᠯᠠᠨ ᠬᠥᠮᠥᠨ ᠣᠯᠠᠨ ᠱᠠᠭᠠᠢ ᠪᠠᠷ ᠲᠣᠭᠯᠠᠬᠤ ᠨᠢ ᠥᠷᠢᠰᠦᠯᠳᠦᠭᠡᠨ ᠲᠠᠢ ᠪᠣᠯᠭᠠᠳᠠᠭ ᠃ ᠣᠯᠠᠨ ᠬᠥᠮᠥᠨ ᠲᠠᠯᠠᠴᠠᠵᠤ ᠲᠣᠭᠯᠠᠵᠤ ᠪᠣᠯᠳᠠᠭ ᠃ ᠵᠤᠵᠠᠭᠠᠨ ᠳᠡᠪᠵᠢᠶ᠎ᠡ  ︵ᠣᠯᠪᠣᠭ ︶ ᠵᠠᠰᠠᠵᠤ ᠲᠣᠭᠤᠷᠢᠨ ᠰᠠᠭᠤᠭᠠᠳ ᠱᠠᠭᠠᠢ ᠪᠠᠨ ᠳᠡᠪᠵᠢᠶᠡᠨ ᠳᠡᠭᠡᠷ᠎ᠡ ᠪᠠᠨ ᠲᠠᠷᠬᠠᠭᠠᠵᠤ ᠪᠠᠶᠢᠷᠢᠯᠠᠭᠤᠯᠤᠨ᠎ᠠ ᠃ ᠬᠡᠨ ᠡᠬᠢᠯᠡᠵᠦ ᠲᠣᠭᠯᠠᠬᠤ ᠪᠠᠨ ᠲᠣᠭᠲᠠᠭᠠᠳ ᠨᠠᠷᠠ ᠵᠥᠪ ᠲᠣᠭᠤᠷᠢᠨ ᠲᠣᠭᠯᠠᠳᠠᠭ ᠃ ᠲᠣᠭᠯᠠᠭᠴᠢ ᠰᠤᠮᠤ ᠨᠤᠭᠤᠳ ᠢᠶᠠᠨ ᠪᠠᠭᠲᠠᠬᠤ  ︵ᠬᠥ᠋ ᠬᠤᠶᠠᠭ ︶  ᠢᠶᠠᠨ ᠥᠭᠡᠳᠡ ᠨᠢ ᠰᠢᠳᠡᠭᠡᠳ ᠲᠠᠷᠬᠠᠭᠠᠭᠰᠠᠨ  ᠱᠠᠭᠠᠢ ᠶᠢᠨ ᠢᠶᠠᠨ ᠥᠪᠡᠷ ᠤᠨ ᠤᠷᠢᠳᠤ ᠪᠠᠶᠢᠭ᠎ᠠ ᠵᠠᠬ᠎ᠠ ᠬᠡᠰᠡᠭ ᠠᠴᠠ ᠠᠳᠬᠤᠨ ᠳᠤ ᠪᠠᠨ ᠪᠠᠭᠲᠠᠬᠤ ᠬᠡᠰᠡᠭ ᠢ ᠬᠠᠮᠤᠨ ᠠᠪᠴᠤ ᠳᠡᠭᠡᠭᠰᠢ ᠰᠢᠳᠡᠭᠰᠡᠨ ᠰᠤᠮᠤ ᠪᠠᠨ ᠠᠳᠬᠤᠭᠰᠠᠨ ᠱᠠᠭᠠᠢ ᠶᠢᠨ ᠳᠡᠭᠡᠷ᠎ᠡ ᠪᠠᠨ ᠲᠣᠭᠲᠠᠭᠠᠵᠤ ᠠᠪᠤᠨ᠎ᠠ ᠃ ᠱᠠᠭ᠎ᠠ ᠬᠠᠮᠤᠵᠤ ᠠᠳᠬᠤᠬᠤ ᠳᠤ ᠪᠠᠨ ᠪᠤᠰᠤᠳ ᠱᠠᠭᠠᠢ ᠳᠤ ᠬᠦᠷᠴᠦ ᠂ ᠬᠥᠨᠳᠡᠵᠦ ᠪᠣᠯᠬᠤ ᠦᠭᠡᠢ ᠃ ᠬᠡᠷᠪᠡ ᠣᠶᠢᠷ᠎ᠠ ᠣᠷᠴᠢᠮ ᠤᠨ ᠱᠠᠭᠠᠢ ᠳᠤ ᠭᠠᠷ ᠬᠦᠷᠴᠦ ᠬᠥᠳᠡᠯᠭᠡᠬᠦ ᠂ ᠠᠳᠬᠤᠭᠰᠠᠨ ᠱᠠᠭᠠᠢ ᠠᠴᠠ ᠪᠠᠨ ᠤᠨᠠᠭᠠᠪᠠᠯ ᠠᠯᠳᠠᠭ᠎ᠠ ᠭᠡᠵᠦ ᠦᠵᠡᠭᠡᠳ ᠬᠦᠴᠦᠨ ᠦᠭᠡᠢ ᠳᠤ ᠲᠣᠭᠠᠴᠠᠵᠤ ᠳᠠᠷᠠᠭ᠎ᠠ ᠶᠢᠨ ᠬᠥᠮᠥᠨ ᠰᠢᠭᠦᠷᠡᠨ᠎ᠡ ᠃ᠳᠡᠭᠡᠷᠡᠬᠢ ᠠᠯᠳᠠᠭ᠎ᠠ ᠶᠢ ᠭᠠᠷᠭᠠᠯ ᠦᠭᠡᠢ ᠠᠪᠤᠭᠰᠠᠨ ᠬᠥᠮᠥᠨ ᠱᠠᠭᠠᠢ ᠪᠠᠨ ᠥᠪᠡᠷ ᠢᠶᠠᠨ ᠠᠪᠤᠨ᠎ᠠ ᠃ ᠢᠩᠭᠢᠵᠦ ᠨᠠᠭᠠᠳᠤᠭᠰᠠᠭᠠᠷ ᠳᠡᠪᠵᠢᠶᠡᠨ ᠳᠡᠭᠡᠷᠡᠬᠢ ᠱᠠᠭ᠎ᠠ ᠳᠠᠭᠤᠰᠬᠤ ᠳᠤ ᠬᠠᠮᠤᠭ ᠤᠨ ᠴᠥᠭᠡᠬᠡᠨ ᠱᠠᠭᠠᠢ ᠲᠠᠢ ᠬᠥᠮᠥᠨ ᠤ ᠱᠠᠭᠠᠶᠢᠨ ᠤ ᠲᠤᠭ᠎ᠠ ᠲᠠᠢ ᠠᠳᠠᠯᠢ ᠱᠠᠭ᠎ᠠ ᠨᠡᠶᠢᠯᠡᠭᠦᠯᠦᠨ ᠳᠡᠪᠵᠢᠶᠡᠨ ᠳᠤ ᠰᠠᠴᠤᠵᠤ ᠲᠠᠷᠬᠠᠭᠠᠭᠠᠳ ᠲᠦᠷᠦᠭᠦᠴᠢ ᠶᠢᠨ ᠲᠣᠭᠯᠠᠯᠲᠠ ᠶᠢᠨ ᠬᠠᠮᠤᠭ ᠤᠨ ᠰᠡᠭᠦᠯᠴᠢ ᠶᠢᠨ ᠱᠠᠭᠠᠢ ᠶᠢ ᠠᠪᠤᠭᠰᠠᠨ ᠬᠥᠮᠥᠨ ᠡᠬᠢᠯᠡᠵᠦ ᠰᠢᠭᠦᠷᠡᠨ᠎ᠡ ᠃ ᠱᠠᠭ᠎ᠠ ᠰᠢᠭᠦᠷᠡᠬᠦ ᠳᠤ ᠬᠠᠮᠤᠭ ᠤᠨ ᠰᠡᠭᠦᠯ ᠳᠤ ᠭᠠᠷ ᠪᠠᠭᠲᠠᠬᠤᠶᠢᠴᠠ ᠴᠥᠭᠡᠨ ᠱᠠᠭ᠎ᠠ ᠦᠯᠡᠳᠡᠪᠡᠯ ᠲᠡᠭᠦᠨ ᠢ ᠬᠠᠵᠠᠭᠤ ᠶᠢᠨ ᠬᠥᠮᠥᠨ ᠠᠯᠠᠭᠠᠨ ᠳᠤ ᠪᠠᠨ ᠰᠢᠭᠰᠢᠨ ᠪᠠᠭᠴᠠᠯᠠᠵᠤ ᠥᠭᠳᠡᠭ ᠃ ᠡᠨᠡ ᠪᠠᠭᠴᠠ ᠶᠢ ᠰᠢᠭᠦᠷᠡᠬᠦ ᠳᠤ ᠨᠢᠭᠡ ᠱᠠᠭ᠎ᠠ ᠦᠯᠡᠳᠡᠬᠦ ᠶᠢ ᠵᠥᠪᠰᠢᠶᠡᠷᠡᠳᠡᠭ ᠪᠥᠭᠡᠳ ᠡᠭᠦᠨ ᠢ ᠰᠡᠭᠦᠯ ᠭᠡᠵᠦ ᠨᠡᠷᠡᠯᠡᠳᠡᠭ ᠃ ᠬᠡᠷᠪᠡ ᠲᠣᠭᠯᠠᠭᠴᠢ ᠡᠭᠡᠯᠵᠢᠨ ᠳᠤ ᠪᠠᠨ ᠡᠨᠡ ᠮᠢᠨᠤ ᠠᠯᠠᠭᠠᠨ ᠳᠤ ᠪᠠᠭᠲᠠᠬᠤ ᠦᠭᠡᠢ ᠭᠡᠵᠦ ᠦᠵᠡᠪᠡᠯ ᠪᠠᠭᠴᠠ ᠠᠴᠠ ᠭᠠᠭᠴᠠ ᠱᠠᠭ᠎ᠠ ᠠᠪᠤᠭᠠᠳ ᠳᠠᠷᠠᠭ᠎ᠠ ᠶᠢᠨ ᠬᠥᠮᠥᠨ  ᠰᠢᠭᠦᠷᠡᠳᠡᠭ ᠃ ᠵᠠᠷᠢᠮ ᠲᠣᠬᠢᠶᠠᠯᠳᠤᠯ ᠳᠤ ᠴᠥᠭᠡᠬᠡᠨ 2 — 5 ᠬᠦᠷᠲᠡᠯ᠎ᠡ ᠱᠠᠭ᠎ᠠ ᠦᠯᠡᠳᠡᠪᠡᠯ ᠲᠡᠭᠦᠨ ᠢ ᠠᠳᠡ ᠲᠡᠨᠳᠡ ᠪᠠᠶᠢᠷᠢᠯᠠᠭᠤᠯᠵᠤ ᠰᠤᠮᠤ ᠪᠤᠴᠠᠵᠤ ᠪᠠᠭᠤᠬᠤ ᠬᠤᠭᠤᠷᠣᠨᠳᠤ ᠲᠣᠩᠰᠢᠵᠤ  ︵ᠲᠡᠭᠦᠵᠦ ︶ ᠠᠪᠳᠠᠭ ᠃ ᠡᠨᠡ ᠨᠢ ᠮᠠᠰᠢ ᠬᠤᠷᠳᠤᠨ ᠱᠠᠯᠠᠮᠠᠭ ᠬᠥᠳᠡᠯᠭᠡᠭᠡᠨ ᠂ ᠬᠤᠷᠴᠠ ᠬᠠᠷᠠᠭ᠎ᠠ ᠂ ᠪᠠᠷᠢᠮᠵᠢᠶ᠎ᠠ ᠱᠠᠭᠠᠷᠳᠠᠳᠠᠭ ᠶᠤᠮ ᠃ ᠡᠶᠢᠨ ᠬᠦ ᠨᠠᠭᠠᠳᠴᠤ ᠲᠣᠭᠯᠠᠯᠲᠠ ᠶᠢᠨ ᠶᠠᠪᠤᠴᠠ ᠳᠤ ᠨᠡᠶᠢᠯᠡᠬᠦ  ᠱᠠᠭᠠᠢ ᠦᠭᠡᠢ ᠪᠣᠯᠣᠭᠰᠠᠨ ᠨᠢ ᠬᠠᠰᠤᠭᠳᠠᠭᠰᠠᠨ ᠢᠶᠠᠷ ᠂ ᠪᠦᠬᠦ ᠱᠠᠭᠠᠢ ᠶᠢ ᠥᠪᠡᠷᠲᠡᠭᠡᠨ ᠠᠪᠴᠤ ᠴᠢᠳᠠᠭᠰᠠᠨ ᠨᠢ ᠬᠤᠵᠢᠳᠠᠭ ᠃  ᠰᠢᠭᠦᠷᠡᠬᠦ ᠱᠠᠭᠠᠢ ᠳᠤ ᠵᠢᠵᠢᠭ ᠱᠠᠭᠠᠢ ᠨᠤᠭᠤᠳ ᠢ ᠲᠡᠭᠦᠵᠦ ᠲᠤᠰ ᠲᠤ ᠨᠢ ᠪᠡᠯᠡᠳᠬᠡᠭᠰᠡᠨ ᠪᠠᠶᠢᠳᠠᠭ ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号