ᠴᠢᠰᠤᠨ ᠲᠥᠷᠥᠯ ᠶᠠᠰᠤᠨ ᠲᠥᠷᠥᠯ
ᠨᠡᠶᠢᠲᠡᠯᠡᠭᠰᠡᠨ ᠴᠠᠭ᠄
2019/11/25
 ᠡᠴᠢᠭᠡ ᠶᠢᠨ ᠲᠠᠯ᠎ᠠ ᠶᠢ ᠶᠠᠰᠤᠨ ᠲᠦᠷᠦᠯ ᠡᠬᠡ ᠶᠢᠨ ᠲᠠᠯ᠎ᠠ ᠶᠢ ᠴᠢᠰᠤᠨ ᠤᠤ ᠮᠢᠬᠠᠨ ᠲᠦᠷᠦᠯ ᠭᠡᠵᠦ ᠦᠵᠡᠳᠡᠭ ᠪᠦᠭᠡᠳ ᠦᠪᠡᠷ ᠠᠴᠠ ᠪᠠᠨ ᠡᠮᠦᠨᠡᠬᠢ ᠬᠤᠶᠢᠲᠤᠬᠢ ᠲᠣᠯᠣᠭᠠᠨ ᠦᠶ᠎ᠡ ᠶᠢ ᠦᠷ᠎ᠠ ᠬᠡᠣᠬᠡᠳ ᠲᠡᠭᠡᠨ ᠰᠠᠶᠢᠨ ᠮᠡᠳᠡᠭᠡᠯᠡᠵᠤ ᠨᠡᠷᠡᠯᠡᠵᠤ ᠰᠤᠷᠭᠠᠳᠠᠭ᠃ ᠲᠣᠬᠠᠶᠢᠯᠠᠪᠠᠯ᠄ ᠦᠪᠡᠷ ᠠᠴᠠ ᠪᠠᠨ ᠳᠡᠭᠡᠭᠰᠢ ᠡᠴᠢᠭᠡ᠂ ᠡᠪᠦᠭᠡ ᠡᠴᠢᠭᠡ᠂ ᠦᠨᠳᠦᠷ ᠡᠴᠢᠭᠡ᠂ ᠡᠯᠤᠨᠴᠠ ᠡᠴᠢᠭᠡ᠂ ᠡᠯᠤᠨᠴᠠ ᠡᠪᠦᠭᠡ᠂ ᠬᠤᠯᠤᠨᠴᠠ᠂ ᠬᠤᠯᠤᠨᠴᠠ ᠡᠪᠦᠭᠡ ᠭᠡᠬᠦ ᠪᠤᠶᠤ ᠦᠪᠡᠷ  ᠠᠴᠠ ᠪᠠᠨ ᠲᠤᠷᠤᠭᠰᠢ᠄ ᠬᠦᠦ - ᠠᠴᠢ᠂ ᠭᠤᠴᠢ ᠵᠢᠴᠢ᠂ ᠳᠦᠴᠢ᠂ ᠲᠠᠴᠢ᠂ ᠵᠢᠯᠢᠢᠬᠢ᠂ ᠲᠠᠯᠢᠢᠬᠢ ᠭᠡᠵᠦ ᠳᠤᠯᠤᠭ᠎ᠠ ᠲᠣᠯᠣᠭᠠᠨ ᠦᠶ᠎ᠡ ᠪᠠᠨ ᠮᠡᠳᠡᠳᠡᠭ ᠪᠠᠶᠢᠬᠤ ᠣᠴᠢᠷ ᠲᠠᠢ᠃ ᠲᠦᠷᠦᠯ ᠰᠠᠳᠤᠨ ᠢᠶᠠᠨ ᠬᠡᠳᠦᠳᠡᠬᠢ ᠦᠶ᠎ᠡ ᠪᠣᠯᠬᠤ ᠶᠢ ᠶᠠᠮᠠᠷ ᠴᠦ ᠦᠶ᠎ᠡ ᠳᠤ ᠰᠠᠮᠠᠭᠤᠷᠠᠵᠤ ᠪᠣᠳᠣᠯᠢᠯ ᠦᠭᠡᠢ ᠮᠡᠳᠡᠵᠦ ᠲᠤᠭᠠᠯᠠᠬᠤ ᠠᠮᠤᠷ ᠬᠢᠯᠪᠡᠷ ᠠᠷᠭ᠋ ‍ᠠ᠋ ᠶᠢ ᠮᠣᠩᠭᠤᠯ ᠲᠦᠮᠡᠨ ᠦᠷ᠎ᠠ ᠬᠡᠣᠬᠡᠳ ᠲᠡᠭᠡᠨ ᠵᠢᠭᠠᠵᠣ ᠦᠭᠳᠡᠭ ᠪᠠᠶᠢᠪᠠ᠃ ᠢᠩᠬᠢᠬᠦ ᠳᠡᠭᠡᠨ ᠦᠪᠡᠷ ᠢ ᠪᠠᠨ ᠴᠡᠬᠡᠵᠢᠨ ᠪᠡᠶ᠎ᠡ ᠪᠠᠷ ᠲᠦᠯᠦᠭᠡᠯᠡᠭᠦᠯᠦᠨ ᠲᠡᠭᠦᠨ ᠠᠴᠠ ᠭᠠᠳᠠᠭᠰᠢ ᠬᠦᠯ ᠭᠠᠷ ᠤᠨ ᠦᠵᠤᠭᠦᠷ ᠬᠦᠷᠲᠡᠯᠡᠬᠢ ᠮᠦᠴᠢ ᠪᠦᠷᠢ ᠶᠢ ᠨᠢᠭᠡ ᠨᠢᠭᠡ ᠦᠶ᠎ᠡ ᠳᠤ ᠬᠠᠮᠢᠶᠠᠷᠣᠭᠤᠯᠣᠨ ᠲᠣᠯᠣᠭᠠᠨ ᠦᠶ᠎ᠡ ᠲᠤᠭᠠᠯᠠᠵᠤ ᠴᠢ ᠲᠡᠷᠡ ᠣᠪᠤᠭᠲᠠᠨ ᠤ ᠲᠡᠶᠢᠮᠦ ᠦᠶ᠎ᠡ ᠪᠠᠶᠢᠨ᠎ᠠ ᠭᠡᠬᠦ ᠮᠡᠲᠣ ᠪᠠᠷ ᠬᠡᠳᠦᠳᠡᠭᠢ ᠦᠶ᠎ᠡ ᠳᠡᠭᠡᠷ᠎ᠡ ᠪᠠᠨ ᠶᠠᠪᠣᠭ᠎ᠠ ᠶᠢ ᠬᠡᠯᠡᠬᠦ ᠠᠴᠠ ᠭᠠᠳᠠᠨ᠎ᠠ ᠲᠣᠯᠣᠭᠠᠨ ᠦᠶ᠎ᠡ ᠮᠣᠯᠳᠣᠷᠠᠭᠰᠠᠨ ᠪᠤᠯ ᠬᠤᠭᠤᠷᠤᠨᠳᠤ ᠪᠠᠨ ᠭᠡᠷᠯᠡᠵᠦ ᠪᠤᠯᠤᠨ᠎ᠠ ᠭᠡᠵᠦ ᠵᠢᠭᠠᠵᠣ ᠦᠭᠳᠡᠭ ᠪᠠᠶᠢᠪᠠ᠃ ᠲᠣᠬᠠᠶᠢᠯᠠᠪᠠᠯ᠄ ᠭᠠᠷ ᠤᠨ ᠪᠠᠭᠤᠯᠢᠭ ︵ᠬᠦᠯ ᠤᠨ ᠳᠤᠮᠳᠠ︶ ᠴᠢᠮᠦᠭᠡ ︽ᠨᠣᠭᠤᠨ ᠬᠦᠦ ᠶᠢᠨ ᠦᠶ᠎ᠡ︾ ᠭᠠᠷ ᠤᠨ ᠱᠣᠣ ︵ᠬᠦᠯ ᠤᠨ ᠰᠢᠯᠪᠢ︶ ᠴᠢᠮᠦᠭᠡ ︽ᠠᠴᠢ ᠬᠦᠦ ᠶᠢᠨ ᠦᠶ᠎ᠡ︾ ᠭᠠᠷ ᠤᠨ ᠰᠠᠷᠪᠠᠭᠤ ︵ᠬᠦᠯ ᠤᠨ ᠲᠠᠪᠠᠭ᠋ᠠᠢ ᠨᠢᠭᠡᠳᠬᠦ ᠬᠤᠯᠪᠣᠭᠠᠰᠤ︶ ᠴᠢᠮᠦᠭᠡ ︽ᠵᠢᠴᠢ ᠬᠦᠦ ᠶᠢᠨ ᠦᠶ᠎ᠡ︾ ᠭᠠᠷ ᠤᠨ ᠰᠠᠷᠪᠠᠭᠤ ︵ᠬᠦᠯ ᠤᠨ ᠲᠠᠪᠠᠭ᠋ᠠᠢ ᠬᠤᠶᠠᠷᠳᠠᠬᠢ ᠬᠤᠯᠪᠣᠭᠠᠰᠤ︶ ᠴᠢᠮᠦᠭᠡ ︽ᠭᠤᠴᠢ ᠶᠢᠨ ᠦᠶ᠎ᠡ︾ ᠭᠠᠷ ᠤᠨ ᠰᠠᠷᠪᠠᠭᠤᠨ ᠤ ︵ᠬᠦᠯ ᠤᠨ ᠲᠠᠪᠠᠭ᠋ᠠᠢ︶ ᠶᠠᠰᠣ ︽ᠵᠢᠴᠢᠨᠴᠢᠷ ᠤᠨ ᠦᠶ᠎ᠡ︾ ᠭᠠᠷ ᠤᠨ ᠬᠤᠷᠣᠭᠤ ︵ᠬᠦᠯ ᠤᠨ ᠬᠤᠷᠤᠭᠤᠨ ᠤ ᠨᠢᠭᠡᠳᠬᠦ︶ ᠶᠠᠰᠦ ︽ᠭᠤᠴᠢᠨᠴᠢᠷ ᠤᠨ ᠦᠶ᠎ᠡ︾ ᠭᠠᠷ ᠤᠨ ᠬᠤᠷᠣᠭᠤ ︵ᠬᠦᠯ ᠤᠨ ᠬᠤᠶᠠᠷ ᠳᠠᠬᠢ ᠦᠶ᠎ᠡ︶ ᠶᠠᠰᠣ ︽ᠵᠢᠯᠢᠢᠬᠢ ᠶᠢᠨ ᠦᠶ᠎ᠡ︾ ᠭᠠᠷ ᠤᠨ ᠬᠤᠷᠣᠭᠤ ︵ᠬᠦᠯ ᠤᠨ ᠭᠤᠷᠪᠠ ᠳᠠᠬᠢ︶ ᠪᠤᠶᠤ ᠦᠵᠦᠭᠦᠷ ᠤᠨ ᠶᠠᠰᠣ ︽ᠲᠠᠯᠢᠢᠬᠢ ᠶᠢᠨ ᠦᠶ᠎ᠡ︾ ᠭᠡᠵᠦ ᠨᠡᠷ᠎ᠡ ᠦᠭᠴᠦ ᠲᠣᠭᠳᠠᠭᠠᠯᠭᠠᠨ ᠰᠤᠷᠭᠠᠳᠠᠭ ᠪᠦᠭᠡᠳ ᠡᠭᠦᠨ ᠠᠴᠠ ᠴᠢᠨᠠᠭᠰᠢᠬᠢ ᠶᠢ ᠲᠦᠷᠦᠯ ᠰᠤᠨᠵᠠᠷᠠᠨ ᠦᠶ᠎ᠡ ᠮᠣᠯᠳᠣᠷᠠᠭᠰᠠᠨ ᠳᠤ ᠲᠤᠭᠠᠴᠠᠳᠠᠭ ᠠᠵᠢ᠃ ᠴᠡᠬᠡᠵᠢᠨ ᠪᠡᠶ᠎ᠡ ᠪᠠᠷ ᠦᠪᠡᠷ ᠢ ᠪᠠᠨ ᠲᠦᠯᠦᠭᠡᠯᠡᠭᠦᠯᠦᠨ ᠲᠡᠬᠦᠨ  ᠠᠴᠠ ᠭᠠᠳᠠᠭᠰᠢᠯᠠᠭᠤᠯᠣᠨ ᠲᠣᠭᠠᠯᠠᠭᠰᠠᠭᠠᠷ ᠠᠮᠢᠨ ᠠᠴᠠ ᠬᠤᠯᠠᠳᠠᠭᠰᠠᠨ ᠬᠤᠷᠤᠭᠤᠨ ᠤ ᠦᠵᠤᠭᠦᠷ ᠬᠦᠷᠬᠦ ᠳᠤ ᠵᠢᠯᠢᠢᠬᠢ ᠶᠢᠨ ᠦᠶ᠎ᠡ ᠳᠠᠭᠤᠰᠴᠤ ᠬᠠᠷᠢ ᠡᠯᠢᠭᠡ ᠤᠨ ᠪᠤᠶᠤ ᠬᠦᠨᠳᠡᠯᠡᠨ ᠤ ᠬᠦᠮᠦᠨ ᠳᠤ ᠲᠣᠭᠠᠴᠠᠭᠳᠠᠳᠠᠭ ᠨᠢ ᠣᠳᠣᠮ ᠰᠣᠳᠣᠷ᠂ ᠰᠠᠳᠣᠨ ᠲᠦᠷᠦᠯ ᠤᠨ ᠲᠣᠭᠲᠠᠯᠴᠠᠭ᠋ ‍ᠠ᠋ ᠶᠢ ᠠᠮᠢᠳᠦ ᠬᠦᠮᠦᠨ ᠲᠠᠢ ᠵᠦᠢᠷᠯᠡᠭᠰᠡᠨ ᠰᠣᠨᠢ ᠰᠠᠨᠠᠭ᠎ᠠ ᠶᠤᠮ᠃ ᠮᠦᠨ ᠨᠡᠮᠡᠵᠦ ᠲᠣᠷᠠᠳᠬᠤ ᠳᠤ ᠡᠬᠡ ᠶᠢᠨ ᠲᠠᠯ ‍ᠠ᠋ ᠶᠢᠨ ᠣᠳᠤᠮ ᠢ ᠡᠬᠡ᠂ ᠡᠮᠡᠭᠡ ᠡᠬᠡ᠂ ᠡᠯᠤᠨᠴᠠ ᠡᠬᠡ᠂ ᠬᠤᠯᠤᠨᠴᠠ ᠡᠬᠡ᠂ ᠦᠨᠳᠦᠷ ᠡᠮᠡᠭᠡ ᠭᠡᠬᠦ ᠮᠡᠲᠣ ᠪᠠᠷ ᠭᠠᠷ ᠬᠦᠯ ᠤᠨ ᠦᠶ᠎ᠡ ᠮᠦᠴᠢ ᠡᠨᠡ ᠮᠡᠳᠦᠴᠢᠯᠡᠨ ᠲᠦᠯᠦᠭᠡᠯᠡᠭᠦᠯᠵᠦ ᠨᠡᠷᠡᠯᠡᠵᠤ ᠲᠤᠭᠠᠯᠠᠵᠤ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号