ᠠᠵᠤ ᠠᠮᠢᠳᠤᠷᠠᠯ ᠤᠨ ᠲᠤᠬᠠᠢ ᠬᠡᠤᠬᠡᠳ ᠤᠨ ᠴᠡᠭᠡᠷ ᠶᠣᠰᠣᠨ
ᠨᠡᠶᠢᠲᠡᠯᠡᠭᠰᠡᠨ ᠴᠠᠭ᠄
2019/11/25
ᠠᠩᠬ᠎ᠠ ᠭᠡᠷ ᠲᠤ ᠣᠷᠤᠵᠤ ᠢᠷᠡᠭᠰᠡᠨ ᠪᠤᠶᠤ ᠴᠠᠭᠠᠨ ᠰᠠᠷ᠎ᠠ ᠭᠡᠷ ᠲᠤ ᠣᠷᠤᠵᠤ ᠢᠷᠡᠭᠰᠡᠨ ᠬᠡᠦᠬᠡᠳ ᠢ ᠬᠤᠭᠤᠰᠤᠨ ᠭᠠᠷᠭᠠᠳᠠᠭ ᠦᠬᠡᠢ᠂ ᠵᠠᠪᠠᠯ ᠮᠥᠩᠬᠦ ᠵᠤᠭ᠎ᠠ ᠪᠤᠶᠤ ᠶᠠᠭᠤ ᠨᠢᠭᠡ ᠪᠡᠯᠡᠭᠯᠡᠵᠦ ᠡᠬᠦᠷᠢᠲᠡ ᠣᠯᠵᠠ ᠣᠮᠤᠭ ᠲᠠᠢ ᠶᠠᠪᠤᠬᠤ ᠶᠢ ᠪᠡᠯᠭᠡᠰᠢᠶᠡᠲᠡᠭ᠃ ᠦᠷᠬᠦᠯᠵᠢ ᠬᠠᠯᠠᠭᠤᠨ ᠣᠷᠬᠢᠳᠠᠭ ᠬᠡᠦᠬᠡᠳ ᠢ ᠬᠡᠦᠬᠡᠳ ᠣᠯᠠᠨ ᠲᠠᠢ ᠪᠤᠶᠤ ᠬᠡᠦᠬᠡᠳ ᠪᠦᠬᠡ ᠲᠠᠢ ᠦᠶ᠎ᠡ ᠬᠤᠷᠠᠭ ᠤᠨ ᠬᠦᠮᠥᠨ ᠳᠤ ᠰᠢᠷᠭᠤᠭᠤᠯᠵᠤ ᠬᠡᠦᠬᠡᠳ ᠤᠨ ᠢᠶᠠᠨ ᠠᠶᠤᠯ ᠭᠠᠮᠰᠢᠭ ᠢ ᠵᠠᠶᠢᠯᠠᠭᠤᠯᠬᠤ ᠶᠢ ᠬᠦᠰᠡᠲᠡᠭ᠃ ᠬᠡᠦᠬᠡᠳ ᠬᠦᠯ ᠳᠤ ᠣᠷᠤᠬᠤ ᠨᠢ ᠪᠢᠳᠠᠭᠤ ᠪᠤᠯ ᠠᠷᠤ ᠠᠴᠠ ᠨᠢ ᠮᠠᠯᠠᠭᠠᠢ ᠪᠠᠷ ᠴᠤᠬᠢᠨ᠎ᠠ᠂ ᠪᠠᠰᠠ ᠳᠤᠱᠠ ᠶᠢ ᠨᠢ ᠣᠭᠳᠤᠯᠬᠤ ᠬᠡᠮᠡᠨ ᠵᠤᠭᠰᠤᠭᠠᠵᠤ ᠪᠠᠶᠢᠭᠠᠳ ᠠᠷᠤ ᠠᠴᠠ ᠨᠢ ᠠᠯᠨ ︵ᠰᠠᠯᠳᠠᠭ᠎ᠠ︶ ᠳᠤᠤᠭᠤᠷ ᠨᠢ ᠬᠠᠶᠢᠴᠢᠯᠠᠳᠠᠭ᠃ ᠰᠦᠨᠢ ᠶᠡᠷᠦᠲᠡ ᠪᠠᠨ ᠤᠬᠢᠯᠠᠳᠠᠭ ᠬᠡᠦᠬᠡᠳ ᠤᠨ ᠠᠷᠤ ᠨᠢᠷᠤᠭᠤ ᠶᠢ ᠣᠶᠢᠮᠤᠰᠤ ᠪᠠᠷ ᠴᠤᠬᠢᠳᠠᠭ ᠪᠠ ᠬᠤᠯᠠᠩ ︵ᠶᠠᠨᠳᠦᠩ︶ ᠤᠷᠤᠭᠤ ᠦᠷᠭᠡᠰᠦ ᠲᠠᠢ ᠮᠤᠳᠤ ᠬᠢᠵᠦ ᠳᠤᠮᠨᠠᠳᠠᠭ᠃ ᠬᠡᠦᠬᠡᠳ ᠲᠤ ᠬᠠᠷᠠᠬᠠᠨ ᠪᠠᠭ᠎ᠠ ᠠᠴᠠ ᠨᠢ ᠮᠡᠲᠡᠯᠭᠡ ᠰᠤᠶᠤᠯ ᠤᠯᠭᠤᠬᠤ ᠶᠢ ᠪᠤᠳᠤᠯᠬᠢᠯᠠᠵᠤ ᠬᠡᠯᠡᠨ ᠳᠤ ᠣᠷᠤᠮᠠᠭᠴᠠ 12 ᠵᠢᠯ ᠠᠴᠠ ᠡᠬᠢᠯᠡᠨ ᠵᠢᠭᠠᠵᠤ ᠴᠡᠭᠡᠵᠢᠯᠡᠬᠦᠯᠲᠡᠭ᠃ ᠬᠤᠯᠤᠭᠠᠨ᠎ᠠ ᠠᠴᠠ ᠭᠠᠭ᠋ᠠᠢ ᠬᠦᠷᠲᠡᠯ᠎ᠡ᠂ ᠪᠤᠴᠠᠭᠠᠳ ᠭᠠᠭ᠋ᠠᠢ ᠠᠴᠠ ᠬᠤᠯᠤᠭᠠᠨ᠎ᠠ ᠬᠦᠷᠲᠡᠯ᠎ᠡ ᠴᠡᠭᠡᠵᠢᠯᠡᠬᠦᠯᠵᠦ ᠰᠤᠷᠭᠠᠳᠠᠭ᠃ ᠮᠠᠯ ᠤᠨᠤᠭ᠎ᠠ ᠶᠢᠨ ᠵᠢᠰᠦᠮ ᠢ ᠳᠠᠨᠢᠭᠤᠯᠵᠤ᠂ ᠳᠤᠭ᠎ᠠ ᠳᠤᠭᠠᠯᠠᠬᠤ ᠶᠢ ᠰᠤᠷᠭᠠᠳᠠᠭ᠃ ᠥᠯᠢᠭᠡᠷ ᠳᠤᠮᠤᠭ ᠴᠡᠭᠡᠵᠢᠯᠡᠬᠦᠯᠵᠦ᠂ ᠣᠨᠢᠰᠤᠭ᠎ᠠ ᠳᠠᠭᠠᠪᠤᠷᠢ ᠮᠡᠲᠡᠭᠦᠯᠲᠡᠭ᠃ ᠬᠡᠦᠬᠡᠳ ᠤᠨ ᠮᠠᠯ ᠳᠠᠭᠠᠨ ᠬᠠᠶᠢᠷᠠᠳᠠᠢ ᠪᠠᠶᠢᠳᠠᠭ ᠰᠡᠳᠬᠢᠴᠡ ᠶᠢ ᠨᠢ ᠠᠰᠢᠭᠯᠠᠵᠤ ᠭᠠᠯ ᠢᠶᠠᠷ ᠨᠠᠭᠠᠳᠪᠠᠯ ᠮᠠᠯ ᠴᠢᠨᠢ ᠬᠤᠯᠨ ᠶᠠᠪᠤᠨ᠎ᠠ ᠬᠡᠵᠦ ᠭᠠᠯ ᠤᠨ ᠠᠶᠤᠯ ᠢ ᠰᠡᠷᠭᠡᠶᠢᠯᠡᠲᠡᠭ᠃ ᠭᠠᠷ ᠢᠶᠠᠨ ᠤᠬᠢᠶᠠᠬᠤ ᠦᠬᠡᠢ ᠪᠠᠷ ᠬᠤᠭᠤᠯᠨ ᠢᠲᠡᠭᠡᠨ ᠢᠲᠡᠪᠡᠯ ᠭᠡᠲᠡᠰᠦ ᠴᠢᠨᠢ ᠡᠪᠡᠲᠦᠨ᠎ᠡ ᠬᠡᠵᠦ ᠠᠷᠢᠭᠤᠨ ᠴᠡᠪᠡᠷ ᠢᠲᠡᠵᠦ ᠤᠤᠭᠤᠬᠤ ᠶᠢ ᠵᠠᠩᠰᠢᠭᠤᠯᠳᠠᠭ᠃ ᠬᠤᠭᠤᠯᠨ ᠢᠲᠡᠵᠦ ᠪᠠᠶᠢᠭᠠᠳ ᠣᠯᠠᠨ ᠦᠬᠡ ᠶᠠᠷᠢᠪᠠᠯ ᠭᠡᠲᠡᠰᠦ ᠴᠢᠨᠢ ᠡᠪᠡᠲᠦᠨ᠎ᠡ ᠬᠡᠵᠦ ᠬᠠᠯᠠᠭᠤᠨ ᠲᠡᠭᠡᠷ᠎ᠡ ᠨᠢ ᠢᠲᠡᠬᠦ ᠶᠢ ᠵᠠᠩᠰᠢᠭᠤᠯᠳᠠᠭ᠃ ᠵᠤᠭᠰᠤᠭ᠎ᠠ ᠪᠠᠷ ᠢᠲᠡᠪᠡᠯ ᠦᠨᠢᠶ᠎ᠡ ᠴᠢᠨᠢ ᠵᠤᠭᠰᠤᠭ᠎ᠠ ᠪᠠᠷ ᠲᠦᠷᠦᠨ᠎ᠡ ᠬᠡᠵᠦ ᠰᠠᠭᠤᠵᠤ ᠪᠠᠶᠢᠭᠠᠳ ᠯᠠᠪᠳᠠᠭᠤᠨ ᠢᠲᠡᠬᠦ ᠶᠢ ᠵᠠᠩᠰᠢᠭᠤᠯᠳᠠᠭ᠃ ᠨᠢᠭᠡ ᠮᠥᠬᠦᠯᠢᠭ ᠠᠮᠤ ᠲᠡᠭᠷᠢ ᠲᠡᠭᠡᠷ᠎ᠡ ᠬᠤᠨᠢᠨ ᠴᠢᠨᠡᠭᠡ ᠦᠵᠡᠭᠲᠡᠨ᠎ᠡ᠂ ᠲᠡᠭᠷᠢ ᠤᠯᠵᠤ ᠦᠵᠡᠪᠡᠯ ᠶᠠᠯᠠᠳᠠᠨ᠎ᠠ ᠬᠡᠵᠦ ᠠᠰᠬᠠᠵᠤ ᠴᠢᠳᠬᠤᠬᠤ ᠶᠢ ᠬᠡᠷᠰᠡᠦᠯᠡᠬᠦ ᠶᠢ ᠰᠤᠷᠭᠠᠳᠠᠭ᠃ ᠭᠠᠳᠠᠭᠰᠠᠢ ᠬᠠᠷᠠᠵᠤ ᠢᠲᠡᠪᠡᠯ ᠠᠮᠠᠨ ᠬᠦᠨᠡᠰᠦ ᠴᠢᠨᠢ ᠵᠠᠶᠢᠯᠠᠨ᠎ᠠ᠂ ᠢᠲᠡᠵᠦ ᠣᠤᠭᠤᠵᠤ ᠪᠠᠶᠢᠭᠠᠳ ᠡᠪᠰᠢᠶᠡᠵᠦ ᠰᠤᠨᠢᠶᠠᠪᠠᠯ ᠰᠤᠭᠤ ᠪᠠᠷ ᠴᠢᠨᠢ ᠠᠮᠠᠨ ᠬᠦᠨᠡᠰᠦ ᠴᠢᠨᠢ ᠭᠠᠷᠤᠨ᠎ᠠ ᠬᠡᠵᠦ ᠰᠢᠷᠡᠭᠡᠨ ᠳᠡᠭᠡᠨ ᠯᠠᠪᠳᠠᠭᠤᠨ ᠰᠠᠭᠤᠵᠤ ᠣᠪ ᠲᠠᠢ ᠢᠲᠡᠵᠦ ᠤᠤᠭᠤᠬᠤ ᠶᠢ ᠵᠠᠩᠰᠢᠭᠤᠯᠳᠠᠭ᠃ ᠵᠠᠯᠬᠠᠭᠤ ᠪᠤᠯᠤᠨ᠎ᠠ ᠬᠡᠵᠦ ᠬᠡᠦᠬᠡᠳ ᠲᠤ ᠰᠢᠬᠢᠷ ᠢᠲᠡᠬᠦᠯᠲᠡᠭ ᠦᠬᠡᠢ᠃ ᠶᠠᠪᠤᠳᠠᠯ ᠪᠦᠬᠦᠨ ᠳᠤ ᠰᠡᠬᠦᠯ ᠳᠤ ᠣᠷᠤᠬᠤ ︵ᠬᠤᠵᠢᠭᠳᠠᠬᠤ︶ ᠭᠡᠵᠦ ᠬᠡᠦᠬᠡᠳ ᠲᠤ ᠰᠡᠬᠦᠯ ᠢᠲᠡᠭᠦᠯᠲᠡᠭ ᠦᠬᠡᠢ᠃ ᠨᠢᠰᠤᠩᠬᠠᠢ ᠪᠤᠯᠬᠤ ᠬᠡᠵᠦ ᠬᠡᠦᠬᠡᠳ ᠲᠤ ᠨᠤᠭᠤᠰᠤ ᠢᠲᠡᠬᠦᠯᠲᠡᠭ ᠦᠬᠡᠢ᠃ ᠪᠢᠳᠠᠭᠤ ᠪᠤᠯᠬᠤ ᠬᠡᠵᠦ ᠬᠡᠦᠬᠡᠳ ᠲᠤ ᠳᠠᠷᠢᠬᠢ ᠢᠲᠡᠬᠦᠯᠲᠡᠭ ᠦᠬᠡᠢ᠃ ᠬᠡᠯᠡᠮᠴᠡᠷ ᠪᠤᠯᠤᠨ᠎ᠠ ᠬᠡᠵᠦ ᠬᠡᠦᠬᠡᠳ ᠲᠤ ᠬᠡᠯᠡᠨ ᠤ ᠦᠵᠦᠬᠦᠷ ᠢᠲᠡᠬᠦᠯᠲᠡᠭ ᠦᠬᠡᠢ᠃ ᠬᠡᠯᠡᠭᠡᠢ ᠪᠤᠯᠤᠨ᠎ᠠ ᠭᠡᠵᠦ ᠬᠡᠦᠬᠡᠳ ᠲᠤ ᠤᠭᠤᠷᠠᠭ ᠢᠲᠡᠭᠦᠯᠲᠡᠭ ᠦᠬᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号