ᠬᠡᠤᠬᠡᠳ ᠢᠶᠠᠨ ᠰᠤᠷᠭᠠᠬᠤ ᠴᠡᠭᠡᠷ ᠶᠣᠰᠣᠨ
ᠨᠡᠶᠢᠲᠡᠯᠡᠭᠰᠡᠨ ᠴᠠᠭ᠄
2019/11/25
ᠬᠤᠷᠢᠮᠯᠠᠬᠤ ᠳᠤ ᠴᠢᠨᠢ ᠴᠠᠰᠤ ᠣᠷᠤᠨ᠎ᠠ ᠭᠡᠵᠦ ᠬᠡᠦᠬᠡᠳ ᠲᠤ ᠬᠤᠰᠤᠮ ᠢᠲᠡᠬᠦᠯᠲᠡᠭ ᠦᠬᠡᠢ᠃ ᠰᠢᠲᠦ ᠴᠢᠨᠢ ᠳᠤᠷᠰᠤᠭᠤᠷ ᠪᠤᠯᠤᠨ᠎ᠠ ᠬᠡᠵᠦ ᠬᠡᠦᠬᠡᠳ ᠲᠤ ᠰᠠᠮᠤᠷ ᠢᠲᠡᠬᠦᠯᠲᠡᠭ ᠦᠬᠡᠢ᠃ ᠤᠯᠠᠨ ᠦᠬᠡ ᠲᠠᠢ ᠪᠤᠯᠤᠨ᠎ᠠ ᠬᠡᠵᠦ ᠬᠡᠦᠬᠡᠳ ᠲᠤ ᠳᠠᠯᠠᠨ ᠰᠠᠷᠬᠢᠨᠠᠭ ᠢᠲᠡᠬᠦᠯᠲᠡᠭ ᠦᠬᠡᠢ᠃ ᠬᠦᠬᠡ ᠴᠢᠷᠠᠢ ᠲᠠᠢ ᠪᠤᠯᠤᠨ᠎ᠠ ᠭᠡᠵᠦ ᠬᠡᠦᠬᠡᠳ ᠲᠤ ᠲᠡᠯᠢᠬᠦᠦ ᠢᠲᠡᠭᠦᠯᠲᠡᠭ ᠦᠬᠡᠢ᠃ ᠠᠮᠨ ᠴᠢᠨᠢ ᠵᠠᠳᠠᠭᠠᠢ ᠪᠤᠯᠤᠨ᠎ᠠ ᠭᠡᠵᠦ ᠳᠤᠭᠤᠭ᠎ᠠ ᠠᠴᠠ ᠬᠤᠭᠤᠯᠨ ᠢᠲᠡᠬᠦᠯᠲᠡᠭ ᠦᠬᠡᠢ᠃ ᠤᠬᠠᠭᠠᠨ ᠢ ᠴᠢᠨᠢ ᠠᠪᠠᠴᠢᠨ᠎ᠠ ᠭᠡᠵᠦ ᠨᠡᠬᠦᠵᠦ ᠪᠠᠶᠢᠭ᠎ᠠ ᠡᠬᠦᠯᠨ ᠶᠢ ᠦᠵᠡᠬᠦᠯᠲᠡᠭ ᠦᠬᠡᠢ᠃ ᠬᠤᠷᠤᠭᠤ ᠴᠢᠨᠢ ᠭᠡᠮᠲᠦᠨ᠎ᠡ ᠭᠡᠵᠦ ᠰᠤᠯᠤᠩᠭ᠎ᠠ ᠶᠢ ᠬᠤᠷᠤᠭᠤ ᠪᠠᠷ ᠵᠢᠭᠠᠬᠤ ᠶᠢ ᠴᠡᠭᠡᠷᠯᠡᠬᠦᠯᠲᠡᠭ᠂ ᠬᠡᠷᠪᠡ ᠵᠢᠭᠠᠪᠠᠯ ᠬᠤᠷᠤᠭᠤ ᠶᠢ ᠨᠢ ᠳᠠᠷᠤᠢ ᠳᠤᠨᠢ ᠨᠦᠢᠳᠠᠨ ᠰᠢᠷᠤᠢ ᠳᠤ ᠬᠢᠯᠭᠡᠲᠡᠭ᠃ ᠦᠨᠢᠶ᠎ᠡ ᠴᠢᠨᠢ ᠬᠤᠰᠠᠷᠠᠩ ᠪᠤᠯᠤᠨ᠎ᠠ ᠭᠡᠵᠦ ᠠᠭᠠᠯᠵᠢ ᠶᠢ ᠠᠯᠠᠭᠤᠯᠳᠠᠭ ᠦᠬᠡᠢ᠃ ᠠᠬᠠᠮᠠᠳ ᠬᠦᠮᠥᠰ ᠤᠨ ᠢᠶᠠᠨ ᠨᠡᠷ᠎ᠡ ᠶᠢ ᠬᠡᠯᠡᠬᠦ ᠶᠢ ᠴᠡᠭᠡᠷᠯᠡᠬᠦᠯᠲᠡᠭ᠃ ᠪᠤᠵᠠᠷ ᠮᠠᠭᠤᠬᠠᠢ ᠦᠬᠡ ᠬᠡᠯᠡᠪᠡᠯ ᠤᠷᠤᠭᠤᠯ ᠲᠡᠭᠡᠷ᠎ᠡ ᠴᠢᠨᠢ ᠰᠢᠷᠬ᠎ᠠ ᠭᠠᠷᠤᠨ᠎ᠠ ᠬᠡᠵᠦ ᠱᠠᠯᠢᠭ ᠮᠠᠭᠤᠬᠠᠢ ᠦᠬᠡ ᠶᠠᠷᠢᠬᠤ ᠶᠢ ᠴᠡᠭᠡᠷᠯᠡᠬᠦᠯᠲᠡᠭ᠃ ᠵᠠᠮ ᠲᠡᠭᠡᠷ᠎ᠡ ᠰᠢᠭᠡᠪᠡᠯ ᠨᠢᠲᠦᠨ ᠲᠡᠭᠡᠷ᠎ᠡ ᠴᠢᠨᠢ ᠡᠪᠦᠲᠦᠭ ᠭᠠᠷᠤᠨ᠎ᠠ ᠬᠡᠵᠦ ᠴᠡᠭᠡᠷᠯᠡᠬᠦᠯᠲᠡᠭ᠃ ᠵᠠᠮ ᠲᠡᠭᠡᠷ᠎ᠡ ᠪᠠᠭᠠᠪᠠᠯ ᠪᠦᠭᠰᠡᠨ ᠲᠡᠭᠡᠷ᠎ᠡ ᠴᠢᠨᠢ ᠶᠠᠷ᠎ᠠ ᠭᠠᠷᠤᠨ᠎ᠠ ᠬᠡᠵᠦ ᠴᠡᠭᠡᠷᠯᠡᠬᠦᠯᠲᠡᠭ᠃ ᠬᠤᠵᠢᠬᠢᠷ ᠪᠤᠯᠤᠨ᠎ᠠ ᠬᠡᠵᠦ ᠪᠤᠰᠤᠳ ᠤᠨ ᠠᠯᠨ ᠬᠤᠷᠮᠤᠢ ᠳᠤᠤᠭᠤᠷ ᠤᠷᠤᠵᠤ ᠭᠠᠷᠬᠤ ᠪᠠ ᠤᠶᠢᠮᠤᠰᠤ᠂ ᠱᠠᠬᠠᠢ᠂ ᠦᠮᠥᠲᠦ ᠵᠡᠷᠭᠡ ᠶᠢ ᠳᠤᠯᠤᠭᠠᠢ ᠲᠡᠭᠡᠬᠦᠷ ᠢᠶᠠᠨ ᠭᠠᠷᠭᠠᠬᠤ ᠶᠢ ᠴᠡᠭᠡᠷᠯᠡᠬᠦᠯᠲᠡᠭ᠂ ᠬᠡᠷᠪᠡ ᠪᠤᠰᠤᠳ ᠤᠨ ᠠᠯᠨ ᠬᠤᠷᠮᠤᠢ ᠳᠤᠤᠭᠤᠷ ᠤᠷᠤᠵᠤ ᠭᠠᠷᠤᠭᠰᠠᠨ ᠪᠤᠶᠤ ᠤᠶᠢᠮᠤᠰᠤ᠂ ᠱᠠᠬᠠᠢ᠂ ᠦᠮᠥᠲᠦ ᠶᠢ ᠳᠤᠯᠤᠭᠠᠢ ᠲᠡᠭᠡᠭᠦᠷ ᠢᠶᠠᠨ ᠭᠠᠷᠭᠠᠭᠰᠠᠨ ᠪᠠᠶᠢᠪᠠᠯ ᠭᠠᠯ ᠢᠶᠠᠷ ᠳᠤᠯᠤᠭᠠᠢ ᠶᠢ ᠨᠢ ᠠᠷᠢᠭᠤᠯᠠᠳᠠᠭ᠃ ᠪᠡᠶ᠎ᠡ ᠴᠢᠨᠢ ᠪᠤᠭᠤᠨᠢ ᠪᠤᠯᠤᠨ᠎ᠠ ᠭᠡᠵᠦ ᠪᠤᠰᠤᠳ ᠤᠨ ᠰᠤᠭᠤ ᠳᠤᠤᠭᠤᠷ ᠰᠢᠷᠭᠤᠬᠤ ᠶᠢ ᠴᠡᠭᠡᠷᠯᠡᠬᠦᠯᠲᠡᠭ᠃ ᠬᠤᠯᠠᠭᠠᠶᠢᠴᠢ ᠪᠣᠯᠣᠨ᠎ᠠ ᠭᠡᠵᠦ ᠰᠦᠨᠢ ᠬᠢᠮᠤᠰᠤ ᠠᠪᠬᠤ ᠶᠢ ᠴᠡᠭᠡᠷᠯᠡᠬᠦᠯᠲᠡᠭ᠃ ᠵᠡᠮᠲᠡᠭ ᠬᠦᠮᠥᠨ ᠢ ᠳᠠᠭᠤᠷᠢᠶᠠᠪᠠᠯ ᠵᠡᠮᠲᠡᠭ ᠪᠤᠯᠤᠨ᠎ᠠ ᠬᠡᠵᠦ ᠡᠮᠵᠡᠭ ᠪᠠᠭᠤᠷᠠᠢ ᠶᠢ ᠡᠯᠡᠭᠯᠡᠬᠦ ᠶᠢ ᠴᠡᠭᠡᠷᠯᠡᠬᠦᠯᠲᠡᠭ᠃ ᠵᠤᠪᠠᠯᠠᠩ ᠢᠷᠡᠨ᠎ᠡ ᠬᠡᠵᠦ ᠡᠷᠲᠡ ᠤᠷᠤᠢ ᠳᠠᠭᠤᠤ ᠳᠠᠭᠤᠯᠠᠬᠤ ᠪᠤᠶᠤ ᠬᠢᠩᠰᠢᠬᠦ ᠶᠢ ᠴᠡᠭᠡᠷᠯᠡᠭᠦᠯᠲᠡᠭ᠃ ᠪᠡᠶ᠎ᠡ ᠴᠢᠨᠢ ᠦᠰᠬᠦ ᠦᠬᠡᠢ ᠪᠤᠯᠤᠨ᠎ᠠ ᠭᠡᠵᠦ ᠢᠲᠡᠰᠢ ᠭᠤᠯᠤᠬᠤ ᠶᠢ ᠴᠡᠭᠡᠷᠯᠡᠬᠦᠯᠲᠡᠭ᠃ ᠤᠬᠠᠭᠠᠨ ᠢ ᠨᠢ ᠢᠲᠡᠨ᠎ᠡ ᠭᠡᠵᠦ ᠬᠦᠮᠥᠨ ᠤ ᠠᠷᠤ ᠳᠤ ᠰᠠᠭᠤᠵᠤ ᠢᠲᠡᠬᠦ ᠶᠢ ᠴᠡᠭᠡᠷᠯᠡᠬᠦᠯᠲᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号