ᠮᠣᠩᠭᠤᠯ ᠰᠢᠳᠠᠷ᠎ᠠ ᠲᠣᠭᠯᠠᠬᠤ ᠠᠷᠭ᠎ᠠ
ᠨᠡᠶᠢᠲᠡᠯᠡᠭᠰᠡᠨ ᠴᠠᠭ᠄
2019/11/25
ᠮᠣᠩᠭᠤᠯ ᠰᠢᠳᠠᠷ᠎ᠠ ᠳᠤ᠂ ᠨᠣᠶᠠᠨ ᠭᠡᠭᠴᠢ ᠰᠢᠳᠠᠷ᠎ᠠ ᠶᠢᠨ ︽将︾ ᠲᠠᠢ ᠨᠢᠭᠡ ᠯᠠ ᠠᠳᠠᠯᠢ ᠪᠠᠶᠢᠵᠣ᠂ ᠪᠦᠭᠦᠯᠢ ᠰᠢᠳᠠᠷ᠎ᠠ ᠶᠢᠨ ᠪᠡᠯᠳᠡᠷᠢ ᠶᠢᠨ ᠨᠢᠭᠡ ᠨᠢᠭᠡ ᠲᠦᠷᠪᠡᠯᠵᠢᠨ ᠢᠶᠠᠷ ᠪᠣᠶᠣ ᠵᠢᠰᠢᠭᠦᠤ ᠦᠨᠴᠦᠭ ᠤᠨ ᠲᠦᠷᠪᠡᠯᠵᠢᠨ ᠢ ᠲᠦᠰᠢᠵᠣ ᠶᠠᠪᠣᠳᠠᠭ ᠭᠠᠷᠮᠠᠭᠠᠢ ᠪᠣᠭᠳᠠ ᠪᠠᠶᠢᠳᠠᠭ᠃ ᠪᠠᠷᠰᠠ ︵ᠪᠠᠰᠠ ᠪᠡᠭᠡᠵᠢ ᠭᠡᠳᠡᠭ︶ ᠭᠡᠵᠣ ᠭᠢᠳᠡᠳ ᠰᠢᠳᠠᠷ᠎ᠠ  ᠶᠢᠨ ︽+︾ ᠲᠠᠢ ᠠᠳᠠᠯᠢᠪᠳᠣᠷ ᠪᠣᠯᠪᠠᠴᠣ ᠭᠠᠭᠴᠠᠬᠠᠨ ᠪᠠᠶᠢᠵᠣ᠂ ᠪᠦᠭᠦᠯᠢ ᠪᠠᠯᠳᠠᠷᠢ ᠳᠤ᠂ ᠣᠶᠢᠷ᠎ᠠ ᠬᠤᠯᠠ ᠵᠢᠰᠢᠭᠦᠤ ᠭᠤᠣᠯᠳᠠ ᠶᠢ ᠬᠠᠶᠢᠬᠤᠷᠣᠯ ᠦᠭᠡᠢ ᠴᠢᠯᠦᠭᠡᠲᠠᠢ ᠶᠠᠪᠣᠳᠠᠭ ᠡᠷᠳᠡᠮ ᠴᠢᠳᠠᠪᠣᠷᠢᠳᠠᠨ ᠲᠡᠷᠢᠭᠦᠨ ᠦᠷᠯᠦᠭ ᠰᠢᠭ ᠪᠠᠶᠢᠳᠠᠭ᠃ ᠲᠡᠮᠡᠭᠡ ᠭᠡᠳᠡᠭ ᠨᠢ ᠬᠢᠳᠠᠳ ᠰᠢᠳᠠᠷ᠎ᠠ ︽象︾ ᠲᠠᠢ ᠠᠳᠠᠯᠢ ᠰᠢᠭ᠋ ᠪᠣᠯᠪᠠᠴᠣ ᠬᠠᠷ᠎ᠠ ᠴᠠᠭᠠᠨ ᠵᠠᠮ ᠢ ᠲᠦᠰᠢᠵᠣ ᠲᠡᠭᠰᠢ ᠲᠦᠷᠪᠡᠯᠵᠢᠨ ᠤ ᠵᠢᠰᠢᠭᠦᠤ ᠦᠨᠴᠦᠭ ᠢ ᠠᠭᠠᠭᠠᠨ ᠬᠤᠯᠠ ᠣᠶᠢᠷ᠎ᠠ ᠶᠢ ᠬᠠᠮᠢᠶᠠᠷᠣᠯ ᠦᠭᠡᠢ ᠪᠦᠭᠦᠯᠢ ᠪᠡᠯᠳᠡᠷᠢ ᠪᠠᠷ ᠪᠦᠷ ᠶᠠᠪᠣᠵᠣ ᠴᠢᠳᠠᠨ᠎ᠠ᠃ ᠮᠣᠷᠢ ᠪᠣᠯ ᠭᠢᠳᠡᠳ ᠰᠢᠳᠠᠷ᠎ᠠ ᠶᠢᠨ ︽马︾ ᠲᠠᠢ ᠠᠳᠠᠯᠢ᠂ ᠪᠡᠯᠳᠡᠷᠢ ᠶᠢᠨ ᠵᠢᠷᠭᠤᠭᠠᠨ ᠲᠡᠭᠰᠢ ᠲᠦᠷᠪᠡᠯᠵᠢᠨ ᠤ ᠵᠢᠰᠢᠭᠦᠣ ᠡᠰᠡᠷᠭᠦ ᠲᠦᠷᠪᠡᠯᠵᠢᠨ ᠢ ᠬᠢᠰᠬᠢᠵᠣ᠂ ᠭᠦᠯ ᠬᠤᠷᠢᠭᠳᠠᠬᠤ ᠶᠣᠰᠣ ᠦᠭᠡᠢ ᠡᠷᠬᠢᠨ ᠲᠣᠭᠤᠷᠢᠨ ᠤ ᠨᠠᠢᠮᠠᠨ ᠵᠠᠮ ᠢ ᠬᠠᠷᠠᠵᠣ ᠶᠠᠪᠣᠳᠠᠭ᠃ ᠬᠠᠩᠭᠠᠢ ᠪᠣᠯ ᠬᠢᠳᠠᠳ ᠰᠢᠳᠠᠷ᠎ᠠ ᠶᠢᠨ ︽车︾ ᠲᠠᠢ ᠠᠳᠠᠯᠢ ᠰᠢᠭᠤᠳ ᠲᠦᠷᠪᠡᠯᠵᠢᠨ ᠢᠶᠠᠨ ᠲᠠᠭᠠᠵᠣ ᠬᠤᠯᠠ ᠣᠶᠢᠷ᠎ᠠ ᠶᠢ ᠬᠠᠶᠢᠬᠤᠷᠣᠯ ᠦᠭᠡᠢ ᠡᠮᠦᠨ᠎ᠡ ᠨᠢ ᠲᠠᠭᠠᠷᠠᠪᠠᠯ ᠢᠳᠡᠵᠣ ᠴᠢᠳᠠᠨ᠎ᠠ᠃ ᠭᠦᠣ ︵ᠨᠣᠬᠠᠢ︶ ᠨᠢ ᠬᠢᠳᠠᠳ ᠰᠢᠳᠠᠷ᠎ᠠ ᠶᠢᠨ ︽兵︾  ᠲᠠᠢ ᠠᠳᠠᠯᠢ ᠰᠢᠭ᠋ ᠪᠣᠯᠪᠠᠴᠣ ᠨᠢᠭᠡ ᠨᠢᠭᠡ ᠲᠦᠷᠪᠡᠯᠵᠢᠨ ᠢᠶᠠᠷ ᠣᠷᠣᠭᠰᠢᠯᠠᠵᠣ᠂ ᠢᠳᠡᠭᠦ ᠳᠡᠭᠡᠨ ᠬᠠᠷᠢᠨ ᠵᠢᠰᠢᠭᠦᠣ ᠨᠢᠭᠡ ᠲᠦᠷᠪᠡᠯᠵᠢᠨ ᠳᠠᠬᠢ ᠶᠢ ᠢᠳᠡᠵᠣ ᠶᠠᠪᠣᠳᠠᠭ᠃ ᠭᠦᠤ ᠨᠡᠶᠢᠳᠡ ᠨᠠᠢᠮᠠᠨ ᠦᠷᠯᠦᠭ ᠤᠨ ᠡᠮᠦᠨ᠎ᠡ ᠪᠦᠷ ᠨᠢᠭᠡ ᠨᠢᠭᠡ ᠪᠠᠶᠢᠳᠠᠭ ᠶᠣᠮᠰᠠᠨ᠃ ᠮᠣᠩᠭᠤᠯ ᠰᠢᠳᠠᠷ᠎ᠠ ᠶᠢᠨ ᠪᠠᠭᠤᠳᠠᠯ ᠨᠢ ᠨᠠᠢᠮᠠᠨ ᠨᠠᠢᠮᠠᠨ ᠵᠢᠷᠡᠨ ᠲᠦᠷᠪᠡᠨ ᠲᠡᠭᠰᠢ ᠲᠦᠷᠪᠡᠯᠵᠢᠨ ᠢᠶᠠᠷ ᠪᠦᠲᠦᠭᠰᠡᠨ ᠮᠦᠷᠳᠡᠭᠡᠨ ︽ᠪᠡᠯᠳᠡᠷᠢ︾ ᠭᠡᠰᠡᠨ ᠰᠠᠶᠢᠬᠠᠨ ᠬᠠᠭᠤᠴᠢ ᠨᠠᠷ᠎ᠠ ᠲᠠᠢ ᠪᠠᠶᠢᠭᠰᠠᠨ ᠠᠵᠢ᠃ ᠭᠡᠭᠦ ᠳᠡᠭᠡᠨ ᠨᠢᠭᠡ ᠬᠠᠷ᠎ᠠ᠂ ᠨᠢᠭᠡ ᠴᠠᠭᠠᠨ ᠦᠩᠭᠡ ᠶᠢᠨ ᠲᠡᠭᠰᠢ ᠲᠦᠷᠪᠡᠯᠵᠢᠨ ᠢᠶᠠᠷ ᠦᠰᠦᠷᠴᠦ ᠪᠦᠲᠦᠭᠰᠡᠨ ᠪᠣᠯᠬᠤᠷ ᠴᠠᠭᠠᠨ ᠬᠠᠷ᠎ᠠ ᠲᠡᠮᠡᠭᠡᠨ ᠪᠠᠭᠤᠳᠠᠯ ᠲᠠᠢ ᠪᠠᠶᠢᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号