ᠬᠦᠰᠢᠬᠡ ᠲᠠᠶᠢᠯᠬᠤ ᠵᠠᠩ ᠦᠢᠯᠡ
ᠨᠡᠶᠢᠲᠡᠯᠡᠭᠰᠡᠨ ᠴᠠᠭ᠄
2019/11/25
ᠬᠥᠰᠢᠬᠡᠨ ᠬᠤᠷᠢᠮ ᠬᠡᠳᠡᠭ ᠪᠤᠯ ᠬᠡᠤᠬᠡᠨ ᠬᠥᠷᠬᠡᠨ ᠬᠤᠶᠠᠭᠤᠯᠨ ᠶᠢᠨ ᠥᠷᠬᠦᠬᠡᠯᠡᠭᠰᠠᠨ ᠤ ᠲᠠᠷᠠᠭᠠᠬᠢ ᠬᠤᠷᠢᠮ ᠢ ᠬᠡᠯᠡᠳᠡᠭ᠃ ᠲᠠᠷᠨ ᠨᠢ ᠨᠠᠶᠢᠳᠠ ᠮᠤᠩᠭᠤᠯ ᠳᠤ ᠲᠥᠬᠡᠮᠠᠯ ᠪᠠᠶᠢᠭᠰᠠᠨ ᠵᠠᠩ ᠤᠶᠢᠯᠨ ᠶᠢᠨ ᠨᠢᠬᠡ ᠨᠢ ᠪᠤᠯᠤᠯᠳᠠᠢ᠃ ᠤᠳᠤ ᠪᠤᠯᠬᠤ ᠳᠤ ᠡᠨᠡ ᠬᠦ ᠵᠠᠩᠰᠢᠯ ᠨᠢ ᠪᠤᠰᠤᠳ ᠮᠤᠩᠭᠤᠯ ᠤᠷᠤᠨ ᠳᠤ ᠥᠡᠳᠤᠰᠤᠨ ᠳᠡᠭᠡᠨ ᠬᠡᠬᠡᠭᠳᠡᠵᠤ ᠪᠠᠶᠢᠭ᠎ᠠ ᠪᠤᠯᠪᠠᠴᠤ ᠲᠡᠬᠡᠳᠤ ᠮᠤᠩᠭᠤᠯ ᠢ ᠪᠠᠭᠳᠠᠭᠠᠭᠰᠠᠨ ᠤᠶᠢᠷᠠᠳ ᠮᠤᠩᠭᠤᠯᠴᠤᠳ ᠲᠤᠳᠤᠷ᠎ᠠ ᠡᠨᠡ ᠬᠦ ᠵᠠᠩᠰᠢᠯ ᠨᠢ ᠤᠳᠤ ᠪᠤᠯᠳᠠᠯ᠎ᠠ ᠮᠥᠨ ᠯᠨ ᠬᠠᠳᠠᠭᠠᠯᠠᠭᠳᠠᠵᠤ ᠪᠠᠶᠢᠨ᠎ᠠ᠃ ᠤᠶᠢᠷᠠᠳ ᠮᠤᠩᠭᠤᠯ ᠤᠨ ᠬᠤᠷᠢᠮ ᠤᠨ ᠶᠤᠰᠤᠨ ᠳᠤ ᠬᠥᠰᠢᠬᠡᠨ ᠤ ᠨᠠᠶᠢᠷ ᠬᠡᠵᠤ ᠨᠢᠬᠡ ᠵᠦᠢᠯ ᠤᠨ ᠵᠠᠩᠰᠢᠯ ᠪᠠᠶᠢᠵᠠᠢ᠃ ᠡᠨᠡ ᠲᠤᠬᠠᠢ ᠮᠤᠩᠭᠤᠯ ᠤᠯᠤᠰ ᠤᠨ ᠪᠠᠳᠮᠠᠬᠠᠳᠠ ᠶᠢᠨ ᠡᠷᠬᠢᠯᠠᠨ ᠨᠠᠶᠢᠷᠠᠭᠤᠯᠤᠭᠰᠠᠨ ︽ᠤᠶᠢᠷᠠᠳ ᠤᠨ ᠤᠭᠰᠠᠭᠠᠳᠠᠨ ᠤ ᠵᠥᠢ︾ ᠬᠡᠳᠡᠭ ᠨᠤᠮ ᠳᠤ ︽ᠶᠡᠭᠡ ᠬᠤᠷᠢᠮ ᠬᠢᠭᠰᠡᠨ ᠤ ᠲᠠᠷᠠᠭ᠎ᠠ ᠭᠤᠷᠪᠠ ᠬᠤᠨᠤᠭ ᠤᠨ ᠲᠠᠷᠠᠭ᠎ᠠ ᠬᠥᠰᠢᠬᠡ ᠲᠠᠶᠢᠯᠬᠤ ᠪᠤᠶᠤ ᠬᠥᠰᠢᠬᠡᠨ ᠤ ᠨᠠᠶᠢᠷ ᠪᠤᠯᠤᠨ᠎ᠠ᠃ ᠬᠥᠰᠢᠬᠡᠨ ᠤ ᠨᠠᠶᠢᠷ᠃ ᠪᠠᠷᠢ ᠶᠢᠨ ᠡᠴᠢᠬᠡ ᠬᠠᠮᠢᠶᠠᠳᠠᠨ ᠰᠠᠳᠤᠨ ᠤ ᠬᠠᠮᠳᠤ ᠲᠤᠪᠯᠠᠭᠰᠠᠨ ᠬᠤᠭᠤᠴᠠᠭᠠᠨ ᠳᠤ ᠥᠬᠢᠨ ᠳᠡᠭᠡᠨ ᠠᠴᠢᠶ᠎ᠠ ᠬᠥᠳᠤᠯᠬᠦ ᠮᠤᠷᠢ ᠪᠤᠶᠤ ᠡᠬᠡ ᠶᠢᠨ ᠴᠠᠭᠠᠨ ᠰᠥ ᠶᠢᠨ ᠮᠤᠷᠢ ᠬᠥᠳᠤᠯᠵᠤ ᠬᠡᠶᠢᠴᠢᠯᠠᠨ ᠢᠷᠡᠬᠦ ᠳᠡᠭᠡᠨ ᠬᠥᠰᠢᠬᠡᠨ ᠤ ᠨᠠᠶᠢᠷ ᠤᠨ ᠮᠢᠬᠠᠨ ᠰᠢᠬᠦᠰᠤᠨ ᠳᠤ ᠬᠤᠨᠢᠨ ᠤ ᠪᠥᠳᠤᠨ ᠮᠢᠬ᠎ᠠ᠂ ᠲᠤᠯᠤᠭᠠᠢ᠂ ᠰᠢᠬᠡᠷ᠎ᠠ᠂ ᠡᠯᠢᠬᠡ ᠠᠭᠤᠰᠬᠢ᠂ ᠪᠥᠬᠡᠷ᠎ᠠ ᠲᠠᠢ ᠠᠪᠴᠢᠷᠠᠵᠤ ᠬᠥᠷᠬᠡᠨ ᠤ ᠬᠡᠷ ᠤᠨ ᠲᠤᠳᠤᠷᠡᠬᠢ ᠪᠠᠷᠠᠭᠤᠨ ᠬᠠᠨ᠎ᠠ ᠶᠢᠨ ᠲᠤᠯᠤᠭᠠᠢ ᠳᠤ ᠡᠯᠬᠦᠳᠡᠭ᠃ ᠡᠨᠡ ᠨᠠᠶᠢᠷ ᠲᠤ ᠬᠤᠳᠠ ᠬᠤᠳᠠᠭᠠᠢ ᠲᠠᠯ᠎ᠠ ᠶᠢᠨ ᠬᠢᠨ ᠰᠥᠩ ᠨᠠᠶᠢᠯᠡᠬᠦᠯᠤᠨ ᠨᠠᠶᠢᠷᠯᠠᠬᠤ ᠪᠥᠬᠡᠳ ᠮᠤᠷᠢ ᠡᠮᠡᠬᠡᠯᠯᠡᠵᠤ ᠬᠡᠷ ᠤᠨ ᠵᠠᠬᠦᠨ ᠲᠠᠯ᠎ᠠ ᠳᠤ ᠤᠶᠠᠵᠤ ᠪᠠᠶᠢᠭᠠᠳ ᠬᠠᠵᠠᠭᠠᠷ ᠤᠨ ᠴᠤᠯᠪᠤᠭᠤᠷ ᠢ ᠲᠤᠳᠤᠭᠤ ᠪᠠᠷ ᠤᠷᠤᠭᠤᠯᠵᠤ ᠮᠤᠷᠢᠨ ᠤ ᠵᠢᠰᠤ ᠪᠠᠷ ᠬᠥᠤ ᠶᠢᠨ ᠡᠬᠡ ᠢᠷᠤᠬᠡᠨ᠎ᠠ᠃ ᠨᠠᠶᠢᠷ ᠨᠡᠬᠡᠬᠡᠬᠦ ᠪᠤᠯᠬᠤ ᠳᠤ᠂ ᠤᠷᠤᠨ ᠤ ᠬᠥᠰᠢᠬᠡᠨ ᠤ ᠲᠡᠬᠡᠳᠤ ᠤᠭᠤᠰᠤᠷ ᠢ ᠥᠬᠢᠨ ᠤ ᠬᠠᠳᠠᠮ ᠡᠴᠢᠬᠡ᠂ ᠲᠤᠤᠷᠡᠳᠤ ᠤᠭᠤᠰᠤᠷ ᠢ ᠬᠥᠤ ᠶᠢᠨ ᠬᠠᠳᠠᠮ ᠡᠴᠢᠬᠡ ᠲᠤᠰ ᠲᠤᠰ ᠲᠠᠶᠢᠯᠤᠨ᠂ ᠢᠷᠤᠬᠡᠯ ᠠᠶᠢᠯᠠᠳᠬᠠᠬᠤ ᠪᠥᠬᠡᠳ ᠬᠥᠰᠢᠬᠡ ᠶᠢ ᠠᠪᠴᠤ ᠲᠠᠳᠠᠭᠰᠠᠨ ᠪᠠᠶᠢᠳᠠᠯ ᠢᠶᠠᠷ ᠨᠢ ᠬᠠᠳᠠᠭ ᠲᠠᠢ ᠤᠷᠤ ᠲᠡᠬᠡᠷ᠎ᠠ ᠲᠡᠯᠬᠡᠳᠡᠭ ᠶᠤᠰᠤᠳᠠᠢ᠃ ᠴᠢᠩᠬᠢᠵᠤ ᠬᠥᠰᠢᠬᠡᠨ ᠤ ᠨᠠᠶᠢᠷ ᠬᠢᠭᠰᠡᠨ ᠤ ᠲᠠᠷᠠᠭ᠎ᠠ ᠭᠤᠷᠪᠠ ᠬᠤᠨᠤᠭᠠᠳ᠂ ᠬᠥᠷᠬᠡᠨ᠂ ᠢᠷᠤᠬᠡᠯᠴᠢ᠂ ᠰᠥᠩᠴᠢᠨ ᠬᠠᠮᠳᠤ ᠬᠠᠳᠠᠮ ᠡᠴᠢᠬᠡ ᠶᠢᠨ ᠳᠤ ᠵᠤᠴᠢᠯᠠᠬᠤ ᠳᠤ ᠬᠥᠷᠬᠡᠨ ᠢᠶᠠᠨ ᠤᠭᠳᠤᠵᠤ ᠨᠠᠶᠢᠷ ᠬᠢᠵᠤ ᠬᠠᠳᠠᠮ ᠬᠥᠷᠬᠡᠨ ᠳᠡᠭᠡᠨ ᠪᠠᠯᠩ ᠰᠠᠯᠳᠠ ᠪᠠᠷᠢᠨ᠎ᠠ᠃ ᠡᠬᠦᠨ ᠢᠶᠠᠨ ᠬᠥᠷᠬᠡᠨ ᠤ ᠨᠠᠶᠢᠷ ᠬᠡᠳᠡᠭ ᠶᠤᠮ︾ ᠬᠡᠵᠤ ᠲᠡᠮᠳᠡᠭᠯᠡᠵᠤ ᠪᠤᠢ᠃ ᠡᠬᠦᠨ ᠠᠴᠠ ᠥᠵᠡᠬᠦ ᠳᠤ ᠬᠡᠳᠦ᠋ᠢᠪᠠᠷ ᠲᠤᠰ ᠬᠤᠶᠠᠷ ᠭᠠᠵᠠᠷ ᠤᠷᠤᠨ ᠤ ᠬᠥᠢᠴᠠᠳᠬᠡᠬᠦ ᠵᠠᠩ ᠤᠶᠢᠯᠨ ᠨᠢ ᠪᠠᠭ᠎ᠠ ᠰᠠᠭ᠎ᠠ ᠵᠥᠷᠢᠶ᠎ᠠ ᠲᠠᠢ ᠪᠤᠶᠤ ᠠᠳᠠᠯᠢ ᠥᠬᠡᠢ ᠪᠤᠯᠤᠭᠰᠠᠨ ᠪᠤᠯᠪᠠᠴᠤ ᠲᠠᠷᠨ ᠨᠢ ᠡᠷᠳᠡᠨ ᠳᠡᠭᠡᠨ ᠨᠢᠬᠡ ᠵᠦᠢᠯ ᠤᠨ ᠵᠠᠩᠰᠢᠯ ᠪᠠᠶᠢᠭᠰᠠᠨ ᠠᠴᠠ ᠤᠯᠠᠷᠢᠨ ᠬᠤᠪᠢᠷᠡᠵᠤ ᠲᠤᠰ ᠲᠤᠰ ᠤᠨ ᠤᠷᠤᠨ ᠨᠤᠳᠤᠭ ᠤᠨ ᠥᠪᠠᠷᠮᠢᠴᠠ ᠤᠠᠴᠠᠯᠢᠭ ᠰᠢᠡᠵᠢ ᠲᠠᠢ ᠵᠠᠩ ᠤᠶᠢᠯᠨ ᠪᠤᠯᠵᠤ ᠬᠡᠪᠰᠢᠭᠰᠡᠨ ᠪᠤᠯᠤᠯᠳᠠᠢ᠃ ᠵᠢᠱᠢᠶᠠᠯᠠᠪᠠᠯ᠂ ᠮᠤᠩᠭᠤᠯ ᠤᠯᠤᠰ ᠤᠨ ᠪᠠᠶᠠᠳ ᠶᠠᠰᠤᠳᠠᠨ ᠤ ᠵᠠᠩᠰᠢᠯ ᠳᠤ ᠬᠥᠰᠢᠬᠡ ᠶᠢ ᠬᠤᠶᠠᠷ ᠲᠠᠯ᠎ᠠ ᠶᠢᠨ ᠡᠴᠢᠬᠡ ᠨᠢ ᠲᠠᠶᠢᠯᠵᠤ ᠪᠠᠶᠢᠬᠤ ᠳᠤ᠂ ᠲᠡᠬᠡᠳᠤ ᠮᠤᠩᠭᠤᠯ ᠳᠤ ᠬᠠᠷᠢᠨ ᠬᠤᠶᠠᠷ ᠲᠠᠯ᠎ᠠ ᠶᠢᠨ ᠡᠬᠡ ᠨᠢ ᠬᠥᠰᠢᠬᠡ ᠲᠠᠶᠢᠯᠵᠤ ᠪᠠᠶᠢᠳᠠᠭ᠃ ᠲᠡᠬᠡᠳᠤ ᠮᠤᠩᠭᠤᠯᠴᠤᠳ ᠲᠤᠰ ᠵᠠᠩ ᠤᠶᠢᠯᠨ ᠶᠢ ᠶᠡᠭᠡ ᠬᠤᠷᠢᠮ ᠬᠢᠭᠰᠡᠨ ᠤ ᠲᠠᠷᠠᠭᠠᠬᠢ ᠭᠤᠷᠪᠠᠳᠤᠭᠠᠷ ᠬᠤᠨᠤᠭ ᠲᠤ ᠬᠥᠢᠴᠠᠳᠬᠡᠳᠡᠭ᠃ ᠲᠠᠷᠨ ᠨᠢ ᠥᠨᠠᠨ ᠳᠡᠭᠡᠨ ︽ᠡᠷᠬᠢᠯᠳᠠ ᠶᠢᠨ ᠬᠤᠷᠢᠮ︾ ᠪᠤᠶᠤ ︽ᠬᠡᠤᠬᠡᠨ ᠢᠶᠠᠨ ᠡᠷᠬᠢᠬᠦ︾ ᠬᠤᠷᠢᠮ ᠪᠤᠯᠬᠤ ᠪᠥᠬᠡᠳ ᠪᠥᠬᠦ᠋ᠢᠯᠨ ᠶᠡᠭᠡ ᠬᠤᠷᠢᠮ ᠤᠨ ᠬᠠᠮᠤᠭ ᠡᠴᠤᠰ ᠤᠨ ᠲᠡᠬᠦᠰᠬᠡᠯ ᠪᠤᠯᠳᠠᠭ᠃ ᠡᠨᠡ ᠨᠢ ᠰᠢᠨ᠎ᠠ ᠬᠥᠷᠬᠡᠨ ᠰᠢᠨ᠎ᠠ ᠪᠠᠷᠢ ᠬᠤᠶᠠᠷ ᠤᠨ ᠠᠪᠤ ᠡᠬᠡ ᠠᠬ᠎ᠠ ᠲᠡᠬᠦᠤ ᠲᠥᠷᠤᠯ ᠰᠠᠳᠤᠨ ᠪᠤᠯᠤᠨ ᠬᠤᠷᠢᠮ ᠤᠨ ᠠᠵᠢᠯ ᠲᠡᠬᠡᠷ᠎ᠠ ᠲᠠᠮ ᠲᠤᠰᠠ ᠪᠤᠯᠤᠭᠰᠠᠨ ᠬᠥᠮᠤᠰ ᠢᠶᠠᠷ ᠭᠤᠤᠯ ᠪᠤᠯᠭᠠᠭᠰᠠᠨ ᠴᠥᠬᠡᠨ ᠲᠤᠭᠠᠨ ᠤ ᠬᠡᠶᠢᠴᠢᠨ ᠢ ᠵᠠᠯᠠᠵᠤ ᠬᠢᠭᠰᠡᠨ ᠪᠠᠭᠠᠬᠠᠨ ᠬᠡᠮᠵᠢᠶᠠᠨ ᠤ ᠨᠠᠶᠢᠷ ᠪᠤᠯᠬᠤ ᠶᠤᠮ᠃ ᠡᠨᠡ ᠨᠠᠶᠢᠷ ᠲᠡᠬᠡᠷ᠎ᠠ ᠰᠢᠨ᠎ᠠ ᠪᠠᠷᠢ ᠬᠠᠳᠠᠮ ᠠᠪᠤ ᠠᠴᠠ ᠪᠠᠨ ᠥᠰᠤᠨ ᠤ ᠪᠥᠰᠠ ᠶᠢᠨ ᠨᠠᠩᠭ᠎ᠠ ︵ᠵᠥᠪᠰᠢᠶᠠᠷᠠᠯ ᠤᠨ ᠴᠢᠯᠤᠬᠡ︶ ᠪᠠ ᠥᠰᠤᠨ ᠤ ᠨᠡᠩᠭ᠎ᠠ ᠭᠤᠶᠤᠵᠤ᠂ ᠬᠠᠳᠠᠮ ᠠᠪᠤ ᠨᠢ ᠵᠥᠪᠰᠢᠶᠠᠷᠠᠯ ᠥᠭᠴᠤ᠂ ᠬᠠᠳᠠᠮ ᠡᠬᠡ ᠨᠢ ᠪᠠᠷᠢ ᠶᠢᠨ ᠢᠶᠠᠨ ᠥᠰᠤᠨ ᠤ ᠬᠡᠷ ᠢ ᠪᠥᠰᠠ ᠪᠠᠷ ᠨᠢ ᠲᠠᠷᠤᠭᠤᠯᠵᠤ ᠪᠥᠬᠡᠯᠠᠵᠤ ᠥᠭᠬᠦᠨ᠎ᠠ᠃ ᠲᠡᠬᠡᠬᠡᠳ ᠥᠰᠤᠨ ᠤ ᠨᠡᠩᠭ᠎ᠠ ᠶᠢᠨ ᠲᠠᠷᠠᠭ᠎ᠠ ᠬᠠᠳᠠᠮ ᠨᠢ ᠬᠥᠰᠢᠬᠡ ᠲᠠᠶᠢᠯᠬᠤ ᠢᠷᠤᠬᠡᠯ ᠢᠷᠤᠬᠡᠨ᠎ᠠ᠃ ᠮᠤᠩᠭᠤᠯᠴᠤᠳ ᠶᠠᠷᠤ ᠨᠢ ᠰᠢᠨ᠎ᠠ ᠬᠥᠷᠬᠡᠨ ᠪᠤᠯᠤᠨ ᠰᠢᠨ᠎ᠠ ᠪᠠᠷᠢ ᠶᠢᠨ ᠬᠤᠶᠠᠷ ᠡᠴᠢᠬᠡ ᠶᠢ ᠬᠤᠳᠠ ᠬᠡᠵᠤ᠂ ᠰᠢᠨ᠎ᠠ ᠬᠥᠷᠬᠡᠨ ᠪᠤᠯᠤᠨ ᠰᠢᠨ᠎ᠠ ᠪᠠᠷᠢ ᠶᠢᠨ ᠬᠤᠶᠠᠷ ᠡᠬᠡ ᠶᠢ ᠬᠤᠳᠠᠭᠠᠢ ᠬᠡᠵᠤ ᠲᠠᠭᠤᠳᠠᠬᠤ ᠵᠠᠩᠰᠢᠯ ᠲᠠᠢ᠃ ᠬᠥᠰᠢᠬᠡ ᠲᠠᠳᠠᠵᠤ ᠪᠠᠶᠢᠭ᠎ᠠ ᠵᠠᠩ ᠤᠶᠢᠯᠨ ᠨᠢ ᠶᠠᠮᠠᠷ ᠨᠢᠬᠡᠨ ᠶᠠᠭᠤᠮ᠎ᠠ ᠶᠢ ᠨᠢᠭᠤᠨ ᠲᠠᠯᠳᠠᠯᠠᠵᠤ ᠪᠠᠶᠢᠭ᠎ᠠ ᠨᠢ ᠢᠯᠨ ᠲᠤᠳᠤ ᠪᠠᠶᠢᠨ᠎ᠠ᠃ ᠤᠰᠤ ᠨᠤᠳᠤᠭ ᠤᠨ ᠠᠬᠠᠮᠠᠤᠨ ᠲᠤᠮᠤᠭᠳᠠᠨ᠂ 78 ᠨᠠᠰᠤᠳᠠᠢ ᠵᠢᠭᠳᠡᠷ ᠨᠠᠰᠤᠳᠠᠨ ᠤ ᠬᠡᠯᠡᠬᠦ ᠪᠠᠷ ︽ᠬᠥᠰᠢᠬᠡ ᠲᠠᠳᠠᠵᠤ ᠪᠠᠶᠢᠭ᠎ᠠ ᠵᠠᠩ ᠤᠶᠢᠯᠨ ᠨᠢ ᠡᠶᠢᠮᠤᠷᠬᠦ ᠬᠡᠳᠤᠨ ᠠᠭᠤᠯᠭ᠎ᠠ ᠲᠠᠢ ᠬᠡᠨ᠎ᠠ᠃ ᠨᠢᠬᠡ ᠳᠤ᠂ ᠬᠤᠶᠠᠷ ᠲᠠᠯ᠎ᠠ ᠶᠢᠨ ᠬᠤᠶᠠᠷ ᠪᠠᠷᠬᠡᠨ ᠨᠢ ᠰᠢᠨ᠎ᠠ ᠬᠥᠷᠬᠡᠨ ᠪᠤᠯᠤᠨ ᠰᠢᠨ᠎ᠠ ᠪᠠᠷᠢ ᠬᠤᠶᠠᠷ ᠲᠤ ᠨᠤᠭᠤᠭ᠎ᠠ ᠠᠮᠰᠠᠭᠤᠯᠬᠤ ᠠᠷᠭ᠎ᠠ ᠶᠢ ᠵᠢᠭᠠᠨ ᠥᠭᠴᠤ ᠪᠠᠶᠢᠭ᠎ᠠ ᠰᠠᠨᠠᠭ᠎ᠠ ᠲᠠᠢ ᠬᠡᠨ᠎ᠠ ︵ᠲᠡᠬᠡᠳᠤ ᠮᠤᠩᠭᠤᠯᠴᠤᠳ ᠠᠩᠬ᠎ᠠ ᠬᠤᠷᠢᠴᠠᠯ ᠬᠢᠬᠦ ᠶᠢ ᠨᠤᠭᠤᠭ᠎ᠠ ᠠᠮᠰᠠᠬᠤ ᠬᠡᠵᠤ ᠬᠡᠯᠡᠳᠡᠭ᠂ ᠡᠶᠢᠮᠤ ᠠᠴᠠ ᠲᠡᠬᠡᠳᠤ ᠮᠤᠩᠭᠤᠯᠴᠤᠳ ᠤᠳᠤ ᠪᠤᠯᠳᠠᠯ᠎ᠠ ᠨᠤᠭᠤᠭ᠎ᠠ ᠢᠳᠠ ᠬᠡᠳᠡᠭ ᠥᠬᠡ ᠶᠢ ᠴᠡᠬᠡᠷᠯᠠᠵᠤ ᠽᠠᠢ ᠢᠳᠠ ᠬᠡᠵᠤ ᠬᠡᠯᠡᠬᠦ ᠵᠠᠩᠰᠢᠯ ᠲᠠᠢ︶᠃ ᠤᠷᠢᠳᠤ ᠴᠠᠭ ᠲᠤ ᠬᠡᠤᠬᠡᠰ ᠰᠠᠶ᠋ᠢ ᠠᠷᠪᠠᠨ ᠲᠥᠷᠪᠠ ᠲᠠᠪᠤᠨ ᠨᠠᠰᠤ ᠬᠥᠷᠬᠦ ᠳᠤ ᠠᠶᠢᠯ ᠬᠡᠷ ᠪᠤᠯᠭᠠᠳᠠᠭ ᠪᠤᠯᠬᠤᠷ ᠬᠤᠷᠢᠴᠠᠯ ᠬᠢᠬᠦ ᠶᠢ ᠮᠡᠳᠡᠬᠦ ᠥᠬᠡᠢ ᠪᠤᠯᠬᠤᠷ ᠬᠤᠶᠠᠷ ᠲᠠᠯ᠎ᠠ ᠶᠢᠨ ᠬᠤᠶᠠᠷ ᠪᠠᠷᠬᠡᠨ ᠨᠢ ᠰᠢᠨ᠎ᠠ ᠬᠤᠶᠠᠷ ᠬᠥᠮᠤᠨ ᠳᠤ ᠵᠢᠭᠠᠵᠤ ᠥᠭᠳᠡᠭ ᠪᠠᠶᠢᠵᠠᠢ᠃ ᠡᠶᠢᠮᠤ ᠠᠴᠠ ᠮᠤᠩᠭᠤᠯᠴᠤᠳ ᠬᠥᠰᠢᠬᠡ ᠲᠠᠳᠠᠵᠤ ᠪᠠᠶᠢᠭ᠎ᠠ ᠵᠠᠩ ᠤᠶᠢᠯᠨ ᠨᠢ ᠲᠡᠳᠡᠨ ᠤ ᠬᠢᠳᠠᠯ ᠢ ᠲᠡᠬᠡᠳᠤᠰ ᠠᠴᠠ ᠨᠢ ᠨᠢᠭᠤᠵᠤ ᠪᠠᠶᠢᠭ᠎ᠠ ᠰᠠᠨᠠᠭ᠎ᠠ ᠲᠠᠢ ᠬᠡᠨ᠎ᠠ᠃ ᠤᠳᠤ ᠪᠤᠯᠬᠤ ᠳᠤ ᠵᠥᠪᠬᠡᠨ ᠶᠤᠰᠤ ᠬᠥᠢᠴᠠᠳᠬᠡᠵᠤ ᠪᠠᠶᠢᠭ᠎ᠠ ᠵᠠᠩ ᠤᠶᠢᠯᠨ ᠲᠠᠳᠤᠢ ᠯᠨ ᠪᠤᠯᠵᠠᠢ᠃ ᠬᠤᠶᠠᠷ ᠲᠤ᠂ ᠬᠥᠰᠢᠬᠡ ᠲᠠᠶᠢᠯᠵᠤ ᠪᠠᠶᠢᠭ᠎ᠠ ᠵᠠᠩ ᠤᠶᠢᠯᠨ ᠨᠢ ᠬᠡᠪᠠᠯ᠂ ᠨᠢᠬᠡ ᠳᠤ᠂ ᠬᠤᠶᠠᠷ ᠬᠡᠤᠬᠡᠰ ᠨᠢᠬᠡᠨᠳᠡ ᠬᠤᠷᠮᠤᠢ ᠨᠠᠶᠢᠯᠡᠬᠦᠯᠵᠤ ᠡᠷ᠎ᠠ ᠡᠮ᠎ᠠ ᠪᠤᠯᠤᠯᠴᠠᠭᠰᠠᠨ ᠪᠤᠯᠬᠤᠷ ᠪᠤᠰᠤᠳ ᠲᠤ ᠲᠠᠨᠢᠯᠴᠠᠭᠤᠯᠵᠤ ᠲᠠᠷᠨ ᠬᠤᠶᠠᠷ ᠬᠡᠤᠬᠡᠰ ᠤᠨ ᠨᠢᠭᠤᠷ ᠢ ᠬᠠᠭᠠᠯᠵᠤ ︵ᠨᠢᠭᠤᠷ ᠬᠠᠭᠠᠷᠠᠬᠤ︶ ᠪᠠᠶᠢᠭ᠎ᠠ ᠰᠠᠨᠠᠭ᠎ᠠ ᠲᠠᠢ ᠬᠡᠨ᠎ᠠ᠃ ᠬᠤᠶᠠᠷ ᠲᠤ᠂ ᠬᠤᠶᠠᠷ ᠬᠡᠤᠬᠡᠰ ᠤᠨ ᠨᠢᠭᠤᠷ ᠢ ᠬᠠᠭᠠᠯᠵᠤ ᠪᠠᠶᠢᠬᠤ ᠪᠠᠷ ᠪᠠᠷᠠᠬᠤ ᠥᠬᠡᠢ ᠬᠠᠳᠠᠮ ᠠᠪᠤ ᠡᠵᠢ ᠠᠴᠠ ᠰᠢᠨ᠎ᠠ ᠪᠠᠷᠢ ᠳᠤ ᠨᠠᠩᠭ᠎ᠠ ᠴᠢᠯᠤᠬᠡ ᠥᠭᠴᠤ ᠲᠤᠰ ᠡᠳᠤᠷ ᠠᠴᠠ ᠡᠬᠢᠯᠠᠵᠤ ᠡᠨᠡ ᠬᠡᠷ ᠲᠤ ᠬᠤᠷᠢᠭ᠎ᠠ ᠴᠡᠬᠡᠷ ᠥᠬᠡᠢ ᠴᠢᠯᠤᠬᠡᠳᠠᠢ ᠠᠮᠢᠳᠤᠷᠠᠵᠤ ᠪᠤᠯᠤᠨ᠎ᠠ ᠬᠡᠰᠡᠨ ᠰᠠᠨᠠᠭ᠎ᠠ ᠲᠠᠢ ᠶᠤᠮ ᠬᠡᠨ᠎ᠠ︾᠃ ᠲᠡᠬᠡᠳᠤ ᠮᠤᠩᠭᠤᠯ ᠤᠨ ᠤᠷᠤᠭ ᠬᠤᠷᠢᠮ ᠤᠨ ᠶᠤᠰᠤᠨ ᠳᠤ ᠰᠢᠨ᠎ᠠ ᠪᠠᠷᠢ ᠬᠠᠳᠠᠮ ᠲᠡᠬᠡᠳᠤ ᠶᠢᠨ ᠲᠡᠷᠬᠡᠳᠡ ᠲᠤᠯᠤᠭᠠᠢ ᠨᠢᠴᠤᠬᠦᠨ ᠪᠠᠶᠢᠬᠤ ᠪᠤᠶᠤ ᠬᠠᠨᠴᠤᠢ ᠬᠠᠨᠴᠦ᠋ᠢᠯᠠᠬᠤ ᠥᠬᠡᠢ ᠰᠠᠭᠤᠬᠤ ᠶᠢ ᠤᠠᠴᠠ ᠴᠡᠬᠡᠷᠯᠡᠳᠡᠭ ᠵᠠᠩᠰᠢᠯ ᠲᠠᠢ ᠪᠠᠶᠢᠵᠠᠢ᠃ ᠲᠡᠶᠢᠮᠤ ᠠᠴᠠ ᠬᠥᠰᠢᠬᠡ ᠲᠠᠳᠠᠵᠤ ᠪᠠᠶᠢᠭ᠎ᠠ ᠶᠠᠪᠤᠳᠠᠯ ᠨᠢ ᠶᠠᠮᠠᠷ ᠨᠢᠬᠡᠨ ᠶᠠᠭᠤᠮ᠎ᠠ ᠶᠢ ᠨᠢᠭᠤᠨ ᠲᠠᠯᠳᠠᠯᠠᠵᠤ ᠪᠠᠶᠢᠭ᠎ᠠ ᠰᠠᠨᠠᠭ᠎ᠠ ᠲᠠᠢ᠂ ᠬᠥᠰᠢᠬᠡ ᠲᠠᠶᠢᠯᠵᠤ ᠪᠠᠶᠢᠭ᠎ᠠ ᠶᠠᠪᠤᠳᠠᠯ ᠨᠢ ᠶᠠᠮᠠᠷ ᠨᠢᠬᠡᠨ ᠶᠠᠭᠤᠮ᠎ᠠ ᠶᠢ ᠢᠯᠨ ᠪᠤᠯᠭᠠᠬᠤ ᠪᠤᠶᠤ ᠶᠠᠮᠠᠷ ᠨᠢᠬᠡᠨ ᠬᠤᠷᠢᠭ᠎ᠠ ᠴᠡᠬᠡᠷ ᠢ ᠲᠠᠶᠢᠯᠵᠤ ᠪᠠᠶᠢᠭ᠎ᠠ ᠨᠢ ᠢᠪ ᠢᠯᠡᠬᠡᠨ ᠪᠠᠶᠢᠨ᠎ᠠ᠃ ᠡᠶᠢᠮᠤ ᠠᠴᠠ ᠬᠥᠰᠢᠬᠡ ᠲᠠᠳᠠᠵᠤ ᠪᠠᠶᠢᠭ᠎ᠠ ᠵᠠᠩ ᠤᠶᠢᠯᠨ ᠨᠢ ᠲᠠᠳᠠᠨ ᠤ ᠶᠠᠮᠠᠷ ᠨᠢᠬᠡᠨ ᠤᠶᠢᠯᠨ ᠬᠢᠳᠠᠯ ᠢ ᠨᠢᠭᠤᠵᠤ᠂ ᠬᠥᠰᠢᠬᠡ ᠲᠠᠶᠢᠯᠵᠤ ᠪᠠᠶᠢᠭ᠎ᠠ ᠵᠠᠩ ᠤᠶᠢᠯᠨ ᠨᠢ ᠬᠤᠶᠠᠷ ᠬᠡᠤᠬᠡᠰ ᠨᠢᠭᠤᠷ ᠬᠠᠭᠠᠷᠠᠵᠦ ᠡᠳᠡᠬᠡᠷ ᠬᠤᠷᠢᠭ᠎ᠠ ᠴᠡᠬᠡᠷ ᠢ ᠲᠠᠶᠢᠯᠵᠤ ᠪᠠᠶᠢᠭ᠎ᠠ ᠰᠠᠨᠠᠭ᠎ᠠ ᠲᠠᠢ ᠬᠡᠳᠡᠭ ᠨᠢ ᠵᠥᠢ ᠶᠤᠰᠤᠨ ᠳᠤ ᠨᠠᠶᠢᠴᠠᠬᠦ ᠲᠠᠶᠢᠯᠪᠤᠷᠢ ᠪᠤᠯᠤᠨ᠎ᠠ ᠬᠡᠵᠤ ᠥᠵᠠᠨ᠎ᠠ᠃ ᠲᠡᠬᠡᠳᠤ ᠮᠤᠩᠭᠤᠯ ᠤᠨ ︽ᠬᠥᠰᠢᠬᠡ ᠲᠠᠶᠢᠯᠬᠤ ᠢᠷᠤᠬᠡᠯ︾ ᠳᠤ᠄ ︽ᠤᠸ᠋ᠮ ᠰᠠᠶᠢᠬᠠᠨ ᠠᠮᠤᠭᠤᠯᠠᠩ ᠪᠤᠯᠬᠤ ᠪᠤᠯᠳᠤᠭᠠᠢ︕ ᠮᠡᠩᠨᠤᠭ ᠰᠠᠶᠢᠬᠠᠨ ᠬᠥᠰᠢᠬᠡ ᠶᠢ ᠴᠢᠨᠢ ᠮᠠᠨᠤᠰ ᠪᠥᠬᠦᠳᠡᠬᠡᠷ ᠲᠠᠶᠢᠯᠵᠤ ᠯᠤᠤᠳᠤ ᠰᠠᠶᠢᠬᠠᠨ ᠬᠥᠰᠢᠬᠡ ᠶᠢ ᠴᠢᠨᠢ ᠯᠤᠭ ︵ᠨᠠᠶᠢᠳᠠ︶ ᠤᠨ ᠡᠮᠤᠨ᠎ᠠ ᠲᠠᠶᠢᠯᠤᠶ᠎ᠠ ᠬᠤᠯᠪᠤᠭᠰᠠᠨ ᠬᠤᠶᠠᠷ ᠪᠠᠶ᠎ᠠ ᠲᠠᠨᠢ ᠬᠤᠰᠢᠭᠤᠨ ᠤᠯᠠᠨ ᠳᠠᠭᠠᠨ ᠬᠥᠰᠡᠯᠠᠩ ᠲᠠᠢ ᠤᠷᠤᠭᠯᠠᠭᠰᠠᠨ ᠬᠤᠶᠠᠷ ᠪᠠᠶ᠎ᠠ ᠲᠠᠨᠢ ᠤᠯᠠᠨ ᠲᠥᠷᠤᠯ ᠳᠡᠭᠡᠨ ᠬᠥᠡᠳᠤ ᠲᠠᠢ ᠤᠳᠠᠭᠠᠨ ᠰᠠᠶᠢᠬᠠᠨ ᠵᠢᠷᠭᠠᠯ ᠲᠠᠢ ᠤᠷᠳᠤ ᠰᠠᠶᠢᠬᠠᠨ ᠨᠠᠰᠤ ᠲᠠᠢ ᠪᠠᠶᠢᠬᠤ ᠪᠤᠯᠳᠤᠭᠠᠢ︕︾ ᠬᠡᠵᠤ ᠢᠷᠤᠬᠡᠯ ᠢᠶᠠᠨ ᠢᠷᠤᠬᠡᠵᠤ ᠪᠠᠷᠠᠬᠤ ᠳᠤ᠂ ᠶᠡᠭᠡ ᠬᠤᠷᠢᠮ ᠤᠨ ᠡᠳᠤᠷ ᠲᠠᠳᠠᠭᠰᠠᠨ ᠬᠥᠬᠡ ᠬᠥᠰᠢᠬᠡ ᠳᠤ ᠰᠢᠨ᠎ᠠ ᠬᠥᠷᠬᠡᠨ ᠰᠢᠨ᠎ᠠ ᠪᠠᠷᠢ ᠬᠤᠶᠠᠷ ᠲᠤ ᠢᠪᠡᠬᠡᠯ ᠵᠢᠯ ᠲᠠᠢ ᠬᠥᠮᠤᠨ ᠤᠷᠢᠳᠠᠪᠠᠷ ᠭᠠᠷ ᠬᠥᠷᠦᠭᠰᠠᠨ ᠤ ᠲᠠᠷᠠᠭ᠎ᠠ ᠰᠢᠨ᠎ᠠ ᠬᠥᠷᠬᠡᠨ ᠰᠢᠨ᠎ᠠ ᠪᠠᠷᠢ ᠬᠤᠶᠠᠷ ᠤᠨ ᠬᠤᠶᠠᠷ ᠡᠬᠡ ᠨᠢ ᠬᠥᠰᠢᠬᠡ ᠶᠢ ᠲᠠᠶᠢᠯᠵᠤ ᠠᠪᠳᠠᠭ᠃ ᠡᠨᠡ ᠬᠦ ᠵᠠᠩ ᠤᠶᠢᠯᠨ ᠶᠢ ︽ᠬᠥᠰᠢᠬᠡ ᠲᠠᠶᠢᠯᠬᠤ ᠶᠤᠰᠤ︾ ᠬᠡᠳᠡᠭ᠃ ᠬᠥᠰᠢᠬᠡ ᠲᠠᠶᠢᠯᠤᠭᠰᠠᠨ ᠤ ᠲᠠᠷᠠᠭ᠎ᠠ ᠬᠤᠶᠠᠷ ᠰᠢᠨ᠎ᠠ ᠬᠥᠮᠤᠨ ᠬᠤᠶᠠᠷ ᠲᠠᠯ᠎ᠠ ᠶᠢᠨ ᠠᠬ᠎ᠠ ᠲᠡᠬᠦᠤ ᠲᠥᠷᠤᠯ ᠰᠠᠳᠤᠨ ᠳᠠᠭᠠᠨ ᠠᠶᠢᠯᠴᠢᠯᠠᠵᠤ ᠲᠠᠨᠢᠯᠴᠠᠳᠠᠭ ᠵᠠᠩᠰᠢᠯ ᠲᠠᠢ᠃ ᠡᠬᠦᠨ ᠠᠴᠠ ᠭᠠᠳᠠᠨ᠎ᠠ ᠲᠡᠬᠡᠳᠤ ᠮᠤᠩᠭᠤᠯ ᠤᠨ ᠬᠤᠷᠢᠮ ᠤᠨ ᠵᠠᠩ ᠤᠶᠢᠯᠨ ᠳᠤ ᠢᠷᠤᠬᠡᠯ ᠭᠤᠤᠯᠯᠠᠬᠤ ᠡᠬᠦᠷᠬᠡ ᠶᠢ ᠬᠥᠢᠴᠠᠳᠬᠡᠵᠤ ᠪᠠᠶᠢᠬᠤ ᠪᠠᠷ ᠪᠠᠷᠠᠬᠤ ᠥᠬᠡᠢ ᠬᠤᠷᠢᠮ ᠤᠨ ᠲᠠᠭᠤᠤ ᠴᠤ ᠴᠢᠬᠤᠯᠨ ᠡᠬᠦᠷᠬᠡ ᠶᠢ ᠬᠥᠢᠴᠠᠳᠬᠡᠵᠤ ᠪᠠᠶᠢᠳᠠᠭ᠃ ᠵᠢᠱᠢᠶᠠᠯᠠᠪᠠᠯ᠂ ᠪᠠᠷᠢ ᠮᠤᠷᠳᠠᠭᠤᠯᠭᠤ ᠲᠠᠭᠤᠤ ︽ᠰᠤᠯᠤᠩᠭ᠎ᠠ ᠶᠢᠨ ᠥᠩᠬᠡᠳᠤ ᠤᠯᠠᠭᠠᠨ︾᠂ ᠬᠤᠷᠢᠮ ᠵᠢᠷᠭᠠᠭᠠᠬᠤ ᠲᠠᠭᠤᠤ — ︽ᠬᠥᠬᠦᠬᠡ ᠰᠢᠪᠠᠭᠤ︾ ᠵᠡᠷᠬᠡ ᠲᠠᠭᠤᠤ ᠨᠤᠭᠤᠳ ᠢ ᠲᠤᠷᠠᠳᠴᠤ ᠪᠤᠯᠤᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号