︽ᠨᠤᠬᠠᠢ ᠪᠠᠨ ᠬᠤᠷᠢ︾ ᠬᠡᠵᠤ ᠲᠠᠭᠤᠳᠠᠬᠤ ᠶᠢᠨ ᠤᠴᠢᠷ ᠠᠴᠠ
ᠨᠡᠶᠢᠲᠡᠯᠡᠭᠰᠡᠨ ᠴᠠᠭ᠄
2019/11/27
ᠮᠤᠩᠭᠤᠯᠴᠤᠳ ᠠᠶᠢᠯ ᠳᠤ ᠤᠴᠢᠵᠤ ᠬᠡᠷ ᠤᠨ ᠬᠢᠨᠢ ᠭᠠᠳᠠᠨ᠎ᠠ ᠤᠴᠢᠭᠰᠠᠨ ᠤ ᠲᠠᠷᠠᠭ᠎ᠠ ᠦᠨᠳᠤᠷ ᠲᠠᠭᠤᠨ ᠢᠶᠠᠷ ︽ᠨᠤᠬᠠᠢ ᠪᠠᠨ ᠬᠤᠷᠢ︾ ᠬᠡᠵᠤ ᠬᠡᠯᠡᠳᠡᠭ ᠶᠤᠮ᠃ ᠡᠨᠡ ᠪᠤᠯ ᠨᠢᠬᠡ ᠤᠯᠠᠮᠵᠢᠯᠠᠯᠳᠤ ᠰᠤᠶᠤᠯ ᠶᠤᠮ᠃ ᠦᠩᠬᠡᠨ ᠲᠠᠯ᠎ᠠ ᠠᠴᠠ ᠨᠢ ᠦᠵᠡᠪᠡᠯ ᠨᠤᠬᠠᠢ ᠲᠠᠢ ᠠᠶᠢᠯ ᠳᠤ ᠤᠴᠢᠪᠠᠯ ᠠᠶᠢᠯ ᠤᠨ ᠨᠤᠬᠠᠢ ᠰᠤᠯᠠ ᠪᠠᠶᠢᠵᠤ ᠬᠠᠵᠠᠭᠤᠯᠴᠢᠬᠠᠬᠤ ᠠᠴᠠ ᠬᠢᠴᠢᠶᠡᠵᠤ ᠪᠠᠶᠢᠳᠠᠭ ᠪᠤᠯ ᠲᠠᠯᠳᠠ ᠲᠠᠯ᠎ᠠ ᠠᠴᠠ ᠠᠶᠢᠯ ᠤᠨ ᠡᠵᠡᠨ ᠤ ᠬᠡᠨᠡᠳᠳᠡ ᠬᠦᠮᠤᠨ ᠬᠠᠷ᠎ᠠ ᠢᠷᠡᠵᠤ ᠪᠠᠯᠠᠬ ᠠᠯᠳᠠᠨ ᠲᠤᠯᠭᠠᠮᠳᠠᠬᠤ ᠠᠴᠠ ᠬᠢᠴᠢᠶᠡᠵᠤ ᠬᠡᠷ ᠤᠨ ᠡᠵᠡᠨ ᠢ ᠶᠡᠬᠡᠯ᠎ᠡ ᠬᠦᠨᠳᠦᠯᠡᠳᠡᠭ ᠤᠨ ᠤᠴᠢᠷ ᠲᠠᠢ᠃ ᠮᠤᠩᠭᠤᠯ ᠠᠶᠢᠯ ᠪᠤᠯᠭᠠᠨ ᠡᠷᠳᠡ ᠳᠤ ᠪᠠᠨ ᠪᠦᠷ ᠬᠤᠳᠠᠴᠢ ᠨᠤᠬᠠᠢ ᠲᠠᠢ ᠪᠠᠶᠢᠵᠤ ᠵᠠᠷᠢᠮ ᠠᠶᠢᠯ ᠤᠨ ᠨᠤᠬᠠᠢ ᠰᠦᠷᠡᠬᠡᠢ ᠵᠠᠭᠤᠳᠠᠭ ᠪᠠᠶᠢᠵᠤ ᠪᠠᠷᠤᠭᠲᠠᠢ ᠬᠢᠷᠢ ᠶᠢᠨ ᠬᠦᠮᠤᠨ ᠬᠠᠷ᠎ᠠ ᠬᠡᠷ ᠲᠤ ᠨᠢ ᠤᠷᠤᠵᠤ ᠲᠡᠶᠢᠯᠳᠡᠭ ᠦᠬᠡᠢ ᠶᠤᠮ᠃ ᠡᠶᠢᠮᠤ ᠠᠴᠠ ᠢᠷᠡᠭᠰᠡᠨ ᠬᠡᠶᠢᠴᠢᠨ ᠶᠠᠮᠠᠷ ᠪᠠᠶᠢᠯ᠎ᠠ ᠴᠤ ᠬᠡᠰᠡᠨ ᠠᠶᠢᠯ ᠤᠨ ᠭᠠᠳᠠᠨ᠎ᠠ ᠢᠷᠡᠪᠡᠯ ᠮᠤᠷᠢᠨ ᠠᠴᠠ ᠪᠠᠨ ᠪᠠᠭᠤᠯ ᠦᠬᠡᠢ ᠪᠠᠷ ︽ᠨᠤᠬᠠᠢ ᠪᠠᠨ ᠬᠤᠷᠢ︾ ᠬᠡᠬᠦ ᠮᠦᠷᠳᠡᠬᠡᠨ ᠠᠶᠢᠯ ᠤᠨ ᠡᠵᠡᠨ ᠪᠤᠶᠤ ᠠᠶᠢᠯ ᠤᠨ ᠬᠡᠤᠬᠡᠳ ᠪᠠᠭᠠᠴᠤᠤᠯ ᠨᠢ ᠭᠠᠷᠴᠤ ᠢᠷᠡᠨ ᠨᠤᠬᠠᠢ ᠪᠠᠨ ᠬᠤᠷᠢᠵᠤ ᠵᠤᠴᠢᠨ ᠢ ᠬᠡᠷ ᠲᠤ ᠲᠠᠭᠠᠭᠤᠯᠤᠨ ᠤᠷᠤᠳᠠᠯ᠎ᠠ ᠭᠠᠳᠠᠨ᠎ᠠ ᠨᠢ ᠬᠦᠯᠢᠶᠡᠨ ᠪᠠᠶᠢᠳᠠᠭ ᠤᠨ ᠶᠤᠰᠤ ᠲᠠᠢ ᠠᠵᠢ᠃ ᠲᠡᠶᠢᠮᠤ ᠪᠠᠷ ᠢᠶᠠᠨ ᠠᠶᠢᠯ ᠤᠨ ᠡᠵᠡᠨ ᠬᠡᠷ ᠲᠤ ᠶᠠᠭᠤ ᠬᠢᠵᠤ ᠪᠠᠶᠢᠭᠰᠠᠨ ᠴᠤ᠂ ᠬᠤᠪᠴᠠᠰᠤ ᠵᠠᠰᠠᠯ ᠲᠡᠭᠰᠢ ᠦᠬᠡᠢ ᠴᠤ᠂ ᠬᠦᠮᠤᠨ ᠢᠷᠡᠪᠡᠯ ᠬᠤᠪᠴᠠᠰᠤ ᠵᠠᠰᠠᠯ ᠢᠶᠠᠨ ᠡᠮᠤᠰᠴᠤ᠂ ᠢᠷᠡᠭᠰᠡᠨ ᠬᠡᠶᠢᠴᠢᠨ ᠢᠶᠠᠨ ᠬᠦᠨᠳᠤᠳᠬᠡᠨ ᠤᠭᠳᠤᠵᠤ ᠠᠪᠳᠠᠭ ᠤᠨ ᠤᠴᠢᠷ ᠲᠠᠢ ᠠᠵᠢ᠃ ᠬᠤᠳᠠᠴᠢ ᠨᠤᠬᠠᠢ ᠠᠶᠢᠯ ᠤᠨ ᠬᠠᠶᠠᠭᠠᠨ ᠳᠤ ᠪᠠᠶᠢᠵᠤ ᠬᠤᠳᠠ ᠰᠦᠷᠦᠭ ᠢᠶᠠᠨ ᠬᠠᠷᠠᠬᠤ ᠡᠬᠦᠷᠬᠡ ᠲᠠᠢ᠂ ᠬᠡᠷ ᠲᠤ ᠶᠡᠷᠤ ᠠᠴᠠ ᠤᠷᠤᠵᠤ ᠢᠷᠡᠳᠡᠭ ᠦᠬᠡᠢ ᠶᠤᠮ᠃ ᠪᠢ ᠵᠠᠪᠰᠢᠶᠠᠨ ᠢᠶᠠᠷ ᠰᠢᠯᠢ ᠶᠢᠨ ᠨᠢᠬᠡ ᠠᠶᠢᠯ ᠳᠤ ᠤᠴᠢᠬᠤ ᠳᠤ ᠲᠡᠷᠡ ᠠᠶᠢᠯ ᠤᠨ ᠬᠢᠨ ᠵᠢᠩᠬᠢᠨᠢ ᠮᠤᠩᠭᠤᠯ ᠬᠤᠳᠠᠴᠢ ᠨᠤᠬᠠᠢ ᠲᠠᠢ ᠪᠠᠶᠢᠵᠤ ᠤᠴᠢᠭᠰᠠᠨ ᠪᠢᠳᠠᠨ ᠢ ᠨᠢᠬᠡ ᠨᠢᠬᠡ ᠪᠠᠷ ᠦᠨᠤᠷᠯᠠᠵᠤ ᠬᠡᠷ ᠲᠤ ᠤᠷᠤᠭᠤᠯᠵᠤ ᠪᠠᠶᠢᠯ᠎ᠠ᠃ ᠬᠡᠷ ᠤᠨ ᠡᠵᠡᠨ᠄ ︽ᠮᠠᠨ ᠤ ᠨᠤᠬᠠᠢ ᠢᠷᠡᠭᠰᠡᠨ ᠬᠡᠶᠢᠴᠢᠨ ᠢ ᠦᠨᠤᠷᠯᠠᠵᠤ ᠤᠷᠤᠭᠤᠯᠴᠢᠬᠠᠪᠠᠯ ᠲᠠᠬᠢᠵᠤ ᠬᠤᠴᠠᠵᠤ ᠪᠠᠷᠢᠬᠤ ᠦᠬᠡᠢ ᠮᠦᠷᠳᠡᠬᠡᠨ ᠬᠠᠵᠠᠬᠤ ᠦᠬᠡᠢ᠂ ᠬᠠᠷᠢᠨ ᠲᠠᠨᠤᠰ ᠬᠤᠷᠠᠭ᠎ᠠ ᠢᠰᠢᠬᠡ ᠦᠵᠡᠶ᠎ᠡ ᠬᠡᠵᠤ ᠮᠠᠯ ᠤᠨ ᠬᠠᠰᠢᠶ᠎ᠠ ᠬᠤᠷᠤᠭ᠎ᠠ ᠤᠷᠤᠭᠤ ᠤᠴᠢᠪᠠᠯ ᠮᠠᠨ ᠤ ᠬᠡᠤᠬᠡᠳ ᠢ ᠲᠠᠭᠠᠭᠤᠯ᠂ ᠦᠬᠡᠢ ᠪᠤᠯ ᠨᠤᠬᠠᠢ ᠬᠠᠵᠠᠬᠤ ᠰᠢᠤ︕︾ ᠬᠡᠵᠤ ᠬᠡᠯᠡᠵᠤ ᠪᠢᠯᠡ᠃ ᠴᠢᠨ᠋ᠸ᠎ᠠ ᠴᠤ ᠪᠠᠷᠢᠵᠤ ᠲᠡᠶᠢᠯᠳᠡᠭ ᠲᠡᠷᠡ ᠪᠢᠷᠠᠭᠤ ᠰᠢᠬ ᠲᠤᠮᠤ ᠨᠤᠬᠠᠢ ᠪᠢᠳᠠᠨ ᠢ ᠶᠠᠪᠤᠳᠠᠯ᠎ᠠ ᠦᠨᠡᠬᠡᠷ ᠨᠢᠬᠡ ᠴᠤ ᠬᠤᠴᠠᠭᠰᠠᠨ ᠦᠬᠡᠢ᠃ ︽ᠵᠠᠬ᠎ᠠ ᠶᠢᠨ ᠬᠦᠮᠤᠨ ᠮᠠᠨ ᠤ ᠡ᠊ᠨᠳᠡᠬᠢ ᠶᠢᠨ ᠶᠤᠰᠤ ᠶᠢ ᠮᠡᠳᠡᠬᠦ ᠦᠬᠡᠢ᠂ ᠬᠦᠳᠡᠭᠡ ᠳᠤ ᠪᠡᠯᠴᠢᠵᠤ ᠪᠠᠶᠢᠭᠰᠠᠨ ᠰᠦᠷᠦᠭ ᠤᠨ ᠲᠤᠮᠳᠠᠭᠤᠷ ᠵᠦᠰᠤᠵᠤ ᠭᠠᠷᠤᠭᠠᠳ ᠡᠰᠡᠯᠡ ᠮᠠᠨ ᠤ ᠨᠤᠬᠠᠢ ᠳᠤ ᠬᠠᠵᠠᠭᠳᠠᠬᠤ ᠰᠢᠬᠠᠭᠰᠠᠨ ᠰᠢᠤ︾ ᠬᠡᠵᠤ ᠠᠶᠢᠯ ᠤᠨ ᠠᠬ᠎ᠠ ᠨᠤᠬᠠᠢ ᠠᠴᠠ ᠠᠶᠤᠮᠠᠳᠠᠭᠠᠢ ᠨᠠᠳᠠ ᠠᠮᠢᠨᠴᠢᠯᠠᠨ ᠶᠠᠷᠢᠭᠰᠠᠨ ᠪᠢᠯᠡ᠃ ᠤᠳᠤ ᠠᠶᠢᠯ ᠳᠤ ᠬᠤᠳᠠᠴᠢ ᠨᠤᠬᠠᠢ ᠬᠡᠬᠦ ᠶᠢᠨ ᠤᠷᠤᠨ ᠳᠤ ᠬᠠᠪᠠᠰ ᠨᠤᠬᠠᠢ ᠤᠷᠤᠩᠨᠠᠵᠤ᠂ ᠲᠡᠷᠡ ᠨᠤᠬᠠᠢ ᠨᠢ ᠶᠤᠰᠤ ᠨᠤᠮ ᠮᠠᠭᠤᠲᠠᠢ ᠪᠠᠶᠢᠵᠤ ᠬᠡᠷ ᠤᠨ ᠡᠵᠡᠨ ᠬᠡᠯᠡᠵᠤ ᠬᠤᠷᠢᠵᠤ ᠪᠠᠶᠢᠳᠠᠯ᠎ᠠ ᠬᠡᠶᠢᠴᠢᠨ ᠤᠷᠤᠭᠤ ᠬᠤᠴᠠᠵᠤ᠂ ᠬᠡᠷ ᠲᠤ ᠲᠤᠷ᠎ᠠ ᠪᠠᠷ ᠬᠦᠶᠤᠵᠤ᠂ ᠰᠢᠷᠡᠭᠡ ᠰᠢᠷᠳᠡᠭ ᠤᠨ ᠲᠡᠬᠡᠬᠦᠷ ᠲᠤᠤᠭᠤᠷ ᠬᠤᠯᠬᠢᠳᠠᠵᠤ ᠬᠡᠶᠢᠴᠢᠨ ᠢ ᠲᠤᠷ᠎ᠠ ᠠᠯᠳᠠᠭᠤᠯᠳᠠᠭ ᠨᠢ ᠬᠡᠷ ᠤᠨ ᠡᠵᠡᠨ ᠬᠡᠶᠢᠴᠢᠨ ᠢ ᠬᠦᠨᠳᠤᠳᠬᠡᠵᠤ ᠦᠬᠡᠢ ᠶᠢᠨ ᠤᠴᠢᠷ ᠪᠤᠯᠤᠭᠰᠠᠨ ᠪᠠᠶᠢᠳᠠᠯ᠎ᠠ ᠬᠡᠷ ᠤᠨ ᠡᠵᠡᠨ ᠲᠡᠬᠦᠨ ᠢᠶᠠᠨ ᠬᠠᠷᠢᠨ ᠶᠡᠭᠡ ᠶᠠᠭᠤᠮ᠎ᠠ ᠪᠤᠯᠭᠠᠵᠤ ᠪᠠᠶᠢᠳᠠᠭ᠃ ︽ᠨᠤᠬᠠᠢ ᠬᠡᠵᠢᠶᠡᠳᠡ ᠪᠠᠨ ᠨᠤᠬᠠᠢ︾ ᠬᠡᠳᠡᠭ ᠢ ᠲᠡᠳᠡ ᠮᠡᠳᠡᠬᠦ ᠪᠠᠨ ᠪᠠᠶᠢᠭᠰᠠᠨ ᠤᠤ︖ ᠡᠰᠡᠬᠦᠯ᠎ᠠ ᠬᠠᠪᠠᠰ ᠨᠤᠬᠠᠢ ᠨᠢ ᠨᠤᠬᠠᠢ ᠪᠢᠰᠢ ᠪᠤᠯᠴᠢᠬᠠᠳᠠᠭ ᠤᠤ︖ ᠪᠤᠤ ᠮᠡᠳᠡ᠂ ᠦᠪᠡᠷ ᠤᠨ ᠦᠷ᠎ᠡ ᠬᠡᠤᠬᠡᠳ ᠢᠶᠠᠨ ᠰᠢᠭ ᠬᠠᠶᠢᠷᠠᠯᠠᠵᠤ ᠪᠠᠶᠢᠳᠠᠭ ᠬᠦᠮᠤᠨ ᠤ ᠰᠡᠳᠬᠢᠴᠡ ᠶᠢ ᠡᠶᠢᠮᠤ ᠪᠤᠯᠭᠠᠭᠰᠠᠨ ᠨᠤᠬᠠᠢ ᠶᠢᠨ ᠠᠭᠠᠰᠢ ᠶᠢ ᠦᠨᠡᠬᠡᠷ ᠲᠦᠰᠤᠪᠯᠡᠬᠦ ᠶᠢᠨ ᠠᠷᠭ᠎ᠠ ᠦᠬᠡᠢ ᠠᠵᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号