ᠬᠠᠭᠠᠨ ᠲᠦᠷᠦ ᠶᠢᠨ ᠲᠣᠯᠣᠭᠠᠨ ᠡᠷᠳᠡᠨᠢ
ᠨᠡᠶᠢᠲᠡᠯᠡᠭᠰᠡᠨ ᠴᠠᠭ᠄
2019/11/27
ᠡᠷᠳᠠᠨᠢ ᠶᠢᠨ ᠠᠯᠳᠠᠨ ᠬᠦᠷᠳᠦ᠄ 1000 ᠬᠡᠬᠡᠰᠤ ᠲᠠᠢ ᠵᠠᠭᠠᠷᠪᠠᠷᠳᠢ ᠶᠢᠨ ᠬᠠᠭᠠᠨ ᠤ ᠬᠦᠯᠭᠡ ᠣᠨᠤᠭ᠎ᠠ ᠪᠦᠭᠡᠳ ᠬᠠᠭᠠᠨ ᠪᠤᠯᠤᠨ ᠲᠡᠭᠦᠨ ᠤ ᠨᠦᠬᠦᠳ ᠰᠡᠯᠲᠡ ᠶᠢ ᠭᠤᠷᠪᠠᠨ ᠮᠢᠩᠭᠠᠨ ᠶᠢᠷᠳᠢᠨᠴᠣ ᠳᠤ ᠨᠢᠭᠡᠨ ᠡᠳᠣᠷ ᠤᠨ ᠲᠤᠳᠤᠷ᠎ᠠ ᠰᠠᠭᠠᠳ ᠦᠭᠡᠢ ᠠᠪᠠᠴᠢᠳᠠᠭ ᠭᠡᠳᠡᠭ᠃ ᠡᠨᠡᠬᠦ ᠬᠠᠭᠠᠨ ᠤ ᠡᠷᠬᠡ ᠬᠦᠴᠦᠨ ᠤ ᠪᠡᠯᠭᠡᠳᠡᠯ ᠪᠣᠯᠣᠭᠰᠠᠨ ᠠᠯᠳᠠᠨ ᠬᠦᠷᠳᠦᠨ ᠤ ᠣᠴᠢᠭᠰᠠᠨ ᠭᠠᠵᠠᠷ ᠪᠦᠷᠢ ᠬᠠᠭᠠᠨ ᠤ ᠡᠷᠬᠡ ᠮᠡᠳᠡᠯ ᠳᠤ ᠣᠷᠤᠳᠠᠭ ᠲᠠᠢ ᠠᠳᠠᠯᠢ ᠪᠣᠷᠬᠠᠨ ᠤ ᠨᠣᠮ ᠤᠨ ᠬᠦᠷᠳᠦ ᠡᠷᠭᠢᠬᠦ ᠭᠠᠵᠠᠷ ᠪᠦᠷᠢ ᠳᠤ ᠮᠤᠩᠬᠠᠭᠯᠠᠯ ᠪᠦᠬᠦᠨ ᠳᠠᠷᠤᠭᠳᠠᠬᠤ ᠪᠤᠯᠤᠨ᠎ᠠ ᠭᠡᠮᠡᠨ ᠪᠡᠯᠭᠡᠳᠡᠳᠡᠭ᠃ ᠴᠢᠨᠳᠠᠮᠤᠨᠢ ᠡᠷᠳᠡᠨᠢ᠄ ᠴᠢᠨᠳᠠᠮᠤᠨᠢ ᠡᠷᠳᠡᠨᠢ ᠨᠢ ᠨᠣᠮᠢᠨ ᠡᠷᠳᠡᠨᠢ ᠶᠢᠨ ᠦᠩᠭᠡᠲᠠᠢ᠂ ᠲᠠᠪᠣᠨ ᠦᠩᠭᠡ ᠶᠢᠨ ᠭᠡᠷᠡᠯ ᠰᠠᠴᠤᠷᠠᠭᠤᠯᠤᠨ ᠭᠤᠷᠪᠠᠨ ᠮᠢᠩᠭᠠᠨ ᠶᠢᠷᠳᠢᠨᠴᠣ ᠶᠢ ᠬᠡᠶᠢᠭᠦᠯᠳᠡᠭ᠃ ᠡᠨᠡ ᠨᠢ ᠬᠠᠭᠠᠨ ᠳᠤ ᠪᠦᠬᠦ ᠣᠯᠤᠰ ᠢᠶᠠᠨ ᠬᠠᠷᠠᠵᠤ ᠬᠢᠨᠠᠬᠤ ᠪᠣᠯᠣᠮᠵᠢ ᠣᠯᠭᠤᠳᠠᠭ ᠲᠡᠳᠦᠢ ᠦᠭᠡᠢ ᠭᠡᠷᠡᠯ ᠨᠢ ᠰᠦᠨᠢ ᠶᠢ ᠡᠳᠦᠷ᠂ ᠬᠦᠢᠲᠡᠨ ᠢ ᠳᠣᠯᠠᠭᠠᠨ᠂ ᠬᠠᠯᠠᠭᠤᠨ ᠢ ᠰᠡᠷᠢᠭᠦᠨ ᠪᠤᠯᠭᠠᠵᠤ ᠬᠤᠪᠢᠷᠠᠭᠠᠳᠠᠭ ᠪᠠᠶᠢᠨ᠎ᠠ᠃ ᠲᠡᠭᠦᠨᠴᠢᠯᠡᠨ ᠡᠪᠡᠳᠴᠢᠨ ᠵᠤᠪᠠᠯᠠᠩ᠂ ᠵᠠᠭᠤᠷᠠᠳᠦ ᠶᠢᠨ ᠦᠬᠦᠯ ᠠᠴᠠ ᠰᠡᠷᠭᠡᠶᠢᠯᠡᠬᠦ᠂ ᠬᠦᠰᠡᠯ ᠢ ᠪᠡᠶᠡᠯᠡᠭᠦᠯᠬᠦ ᠣᠪᠠᠳᠢᠰ ᠲᠠᠢ ᠬᠠᠭᠠᠨ ᠬᠠᠨ ᠤ ᠡᠷᠳᠡᠨᠢ ᠠᠵᠢ᠃ ᠬᠠᠳᠤᠨ ᠡᠷᠳᠡᠨᠢ᠄ ᠬᠠᠳᠤᠨ ᠡᠷᠳᠡᠨᠢ ᠨᠢ ᠭᠠᠶᠢᠬᠠᠮᠠᠷ ᠦᠵᠡᠰᠬᠦᠯᠡᠩᠲᠡᠢ᠂ ᠪᠡᠶ᠎ᠡ ᠨᠢ ᠲᠦᠷᠦᠯᠬᠢ ᠶᠢᠨ ᠠᠩᠬᠢᠯᠤᠭᠤᠨ ᠦᠨᠦᠷᠲᠠᠢ ᠶᠢᠨ ᠲᠡᠭᠡᠷ᠎ᠡ ᠬᠦᠷᠦᠭᠰᠡᠨ ᠬᠦᠮᠦᠨ ᠪᠣᠯᠭᠠᠨ ᠳᠤ ᠲᠠᠭᠠᠰᠢᠶᠠᠯ ᠬᠦᠷᠲᠡᠭᠡᠳᠡᠭ ᠣᠨᠴᠠᠭᠠᠢ ᠡᠷᠳᠡᠮ ᠲᠠᠢ ᠠᠵᠢ ᠃ ᠲᠡᠷᠡ ᠪᠠᠷ ᠦᠪᠡᠷ ᠤᠨ ᠬᠠᠷᠢᠶᠠᠲᠤ ᠨᠤᠭᠤᠳ ᠢᠶᠠᠨ ᠡᠬᠡ ᠶᠢᠨ ᠬᠠᠶᠢᠷ᠎ᠠ ᠪᠠᠷ ᠠᠰᠠᠷᠠᠳᠠᠭ᠂ ᠵᠤᠪᠠᠯᠠᠩ ᠪᠡᠷᠬᠡᠰᠢᠶᠡᠯ ᠢ ᠨᠢ ᠪᠠᠶᠢᠩᠭᠤ ᠠᠷᠢᠯᠭᠠᠳᠠᠭ ᠠᠵᠢ᠃ ᠵᠠᠭᠠᠨ ᠡᠷᠳᠡᠨᠢ᠄ ᠵᠠᠭᠠᠨ ᠡᠷᠳᠡᠨᠢ ᠨᠢ ᠬᠠᠭᠠᠨ ᠪᠤᠯᠤᠨ ᠲᠡᠭᠦᠨ ᠤ ᠠᠯᠪᠠᠳᠣ ᠨᠠᠷ ᠢ ᠨᠢᠭᠡ ᠡᠳᠦᠷ ᠲᠤ ᠭᠤᠷᠪᠠᠨ ᠮᠢᠩᠭᠠᠨ ᠶᠢᠷᠳᠢᠨᠴᠣ ᠶᠢ ᠭᠤᠷᠪᠠ ᠲᠤᠭᠤᠷᠢᠨ ᠵᠦᠭᠡᠭᠡᠬᠦ ᠮᠢᠩᠭᠠᠨ ᠵᠠᠭᠠᠨ ᠤ ᠬᠦᠴᠦ ᠴᠢᠳᠠᠯ ᠲᠠᠢ ᠪᠠ ᠵᠦᠩ ᠢᠶᠠᠷ ᠢᠶᠠᠨ ᠬᠠᠭᠠᠨ ᠤ ᠳᠠᠶᠢᠰᠣᠨ ᠨᠤᠭᠤᠳ ᠢ ᠶᠠᠮᠠᠷ ᠬᠢᠴᠢᠶᠡᠯ ᠦᠭᠡᠢ ᠪᠠᠷ ᠳᠠᠷᠣᠳᠠᠭ ᠠᠵᠢ᠃ ᠲᠦᠰᠢᠮᠡᠯ ᠡᠷᠳᠡᠨᠢ᠄ ᠲᠦᠰᠢᠮᠡᠯ ᠡᠷᠳᠡᠨᠢ ᠨᠢ ᠬᠠᠭᠠᠨ ᠤ ᠬᠦᠰᠡᠯ ᠢ ᠵᠦᠩ ᠰᠤᠪᠢᠩ ᠢᠶᠠᠷ ᠢᠶᠠᠨ ᠮᠡᠳᠡᠵᠦ᠂ ᠲᠡᠭᠦᠨ ᠠᠴᠠ ᠠᠰᠠᠭᠤᠯ ᠦᠭᠡᠢ ᠪᠠᠷ ᠠᠵᠢᠯ ᠬᠡᠷᠡᠭ ᠢ ᠴᠢᠳᠠᠪᠦᠷᠢᠯᠢᠭ᠋ ᠢᠶᠠᠷ ᠣᠳᠣᠷᠢᠳᠣᠨ ᠪᠡᠶᠡᠯᠡᠭᠦᠯᠳᠡᠭ᠃ ᠬᠠᠭᠠᠨ ᠳᠠᠭᠠᠨ ᠦᠨᠡᠨᠴᠢ᠂ ᠳᠣᠣᠷᠠᠳᠦ ᠠᠮᠢᠳᠠᠨ ᠢ ᠳᠡᠭᠡᠷᠡᠯᠭᠡᠬᠦ ᠦᠭᠡᠢ᠂ ᠳᠡᠭᠡᠳᠦᠰ ᠢ ᠬᠠᠭᠤᠷᠠᠬᠤ ᠦᠭᠡᠢ ᠪᠠᠷ ᠠᠵᠢᠯ ᠦᠢᠯᠡᠰ ᠢᠶᠠᠨ ᠨᠣᠮ ᠤᠨ ᠳᠠᠭᠤ ᠪᠦᠲᠦᠭᠡᠳᠡᠭ ᠠᠵᠢ᠃ ᠮᠤᠷᠢᠨ ᠡᠷᠳᠡᠨᠢ᠄ ᠮᠤᠷᠢᠨ ᠡᠷᠳᠡᠨᠢ ᠨᠢ ᠴᠠᠭᠠᠨ ᠦᠩᠭᠡ ᠲᠠᠢ᠂ ᠡᠷᠳᠡᠨᠢ ᠪᠠᠷ ᠴᠢᠮᠡᠭᠯᠡᠭᠳᠡᠭᠰᠡᠨ ᠰᠠᠯᠬᠢ ᠰᠢᠭ᠋ ᠬᠤᠷᠳᠣᠨ ᠂ ᠵᠦᠩ ᠢᠶᠠᠷ ᠢᠶᠠᠨ ᠣᠨᠣᠵᠤ ᠪᠤᠢ ᠡᠵᠡᠨ ᠢᠶᠠᠨ ᠬᠤᠣᠷ ᠬᠦᠨᠦᠭᠡᠯ ᠠᠴᠠ ᠬᠠᠮᠠᠭᠠᠯᠠᠵᠣ ᠬᠦᠰᠡᠭᠰᠡᠨ ᠭᠠᠵᠠᠷ ᠲᠤᠨᠢ ᠬᠦᠷᠭᠡᠳᠡᠭ᠃ ᠲᠡᠭᠦᠰ ᠵᠠᠩᠵᠣᠨ ᠡᠷᠳᠡᠨᠢ᠄ ᠲᠡᠭᠦᠰ ᠵᠠᠩᠵᠣᠨ ᠡᠷᠳᠡᠨᠢ ᠨᠢ ᠬᠠᠭᠠᠨ ᠤ ᠡᠷᠳᠡᠨᠢᠰ ᠢ ᠬᠠᠮᠠᠭᠠᠯᠠᠨ ᠬᠠᠳᠠᠭᠠᠯᠠᠨ᠎ᠠ᠃ ᠲᠡᠷᠡ ᠪᠠᠷ ᠡᠷᠳᠡᠨᠢᠰ ᠤᠨ ᠰᠠᠩ ᠢ ᠠᠯᠳᠠ ᠮᠦᠩᠭᠦ ᠪᠤᠰᠤᠳ ᠡᠷᠳᠡᠨᠢᠰ ᠢᠶᠠᠷ ᠪᠢᠯᠬᠠᠭᠤᠯᠵᠦ ᠪᠠᠶᠢᠳᠠᠭ ᠪᠦᠭᠡᠳ ᠬᠡᠨ ᠢ ᠴᠦ ᠵᠠᠯᠢᠳᠠᠵᠤ ᠮᠡᠬᠡᠯᠡᠳᠡᠭ ᠦᠭᠡᠢ ᠠᠵᠢ᠃ ᠬᠠᠭᠠᠨ ᠤ ᠠᠯᠪᠠᠳᠣ ᠨᠠᠷ ᠲᠤ ᠡᠳ᠋ ᠪᠠᠶᠠᠯᠢᠭ ᠢ ᠠᠪᠴᠢᠷᠠᠬᠤ ᠳᠠᠭᠠᠨ ᠪᠠᠶᠢᠩᠭᠤ ᠰᠢᠳᠣᠷᠭᠤ᠂ ᠵᠤᠷᠢᠭᠲᠠᠢ ᠪᠠᠶᠢᠬᠤ ᠶᠢᠨ ᠲᠡᠭᠡᠷ᠎ᠡ ᠠᠰᠠᠷᠠᠯ ᠡᠨᠡᠷᠢᠯ ᠶᠡᠬᠡᠲᠡᠢ ᠲᠣᠯᠠ ᠪᠣᠰᠣᠳ ᠲᠤ ᠪᠠᠶᠢᠩᠭᠤ ᠬᠦᠨᠳᠦᠯᠡᠭᠳᠡᠳᠡᠭ ᠠᠵᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号