ᠳᠡᠮᠪᠡᠭᠡ
ᠨᠡᠶᠢᠲᠡᠯᠡᠭᠰᠡᠨ ᠴᠠᠭ᠄
2019/11/27
ᠳᠡᠮᠪᠡᠭᠡ ᠨᠢ ᠪᠢᠯᠢᠭ ᠤᠬᠠᠭᠠᠨ ᠢ ᠬᠤᠷᠴᠠᠯᠠᠳᠠᠭ ᠨᠠᠭᠠᠳᠤᠮ ᠪᠤᠯᠤᠨ᠎ᠠ᠃ ᠳᠡᠮᠪᠡᠭᠡ ᠶᠢ ᠬᠡᠯᠡ ᠳᠤ ᠤᠷᠤᠭᠰᠠᠨ ᠬᠡᠤᠬᠡᠳ ᠠᠴᠠ ᠠᠪᠤᠭᠠᠳ ᠠᠬᠠᠰᠢᠷᠠᠭ᠎ᠠ ᠪᠤᠭᠤᠷᠤᠯᠴᠤᠳ ᠬᠦᠷᠲᠡᠯ᠎ᠠ ᠪᠦᠷ ᠲᠤᠭᠯᠠᠵᠦ ᠪᠤᠯᠳᠠᠭ᠃ ᠳᠡᠮᠪᠡᠭᠡ ᠶᠢ ᠵᠤᠨ ᠴᠠᠭ ᠲᠤ ᠴᠡᠭᠡ ᠳᠡᠯᠭᠡᠷᠡᠭᠰᠡᠨ ᠦᠶ᠎ᠡ ᠳᠤ ᠮᠠᠯᠴᠢᠨ ᠠᠷᠠᠳ ᠮᠠᠨᠢ ᠬᠤᠨᠢ ᠮᠠᠯ ᠢᠶᠠᠨ ᠬᠤᠲᠠᠯᠠᠭᠤᠯᠤᠭᠰᠠᠨ ᠤ ᠳᠠᠷᠠᠭ᠎ᠠ ᠨᠠᠭᠠᠳᠳᠠᠭ᠃ ᠳᠡᠮᠪᠡᠭᠡ ᠨᠢ ᠪᠣᠭᠤᠨᠢ ᠠᠶᠠᠯᠭᠤ ᠲᠠᠢ᠂ ᠰᠢᠯᠦᠭ ᠤᠨ ᠬᠤᠪᠢ ᠳᠤ ᠲᠣᠭᠯᠠᠭᠴᠢ ᠠᠴᠠ ᠡᠬᠢᠯᠡᠭᠡᠳ ᠨᠢᠭᠡ ᠮᠥᠷ ᠠᠶᠠᠯᠭᠤᠯᠠᠨ ᠰᠢᠭᠤᠳ ᠵᠣᠬᠢᠶᠠᠮᠵᠢᠯᠠᠨ ᠬᠡᠯᠡᠳᠡᠭ᠃ ᠨᠠᠭᠠᠳᠤᠮ ᠳᠤ ᠬᠤᠨᠵᠢᠭᠳᠠᠭᠰᠠᠨ ᠨᠢ ᠠᠶᠢᠷᠠᠭ ᠤᠤᠭᠤᠳᠠᠭ ᠵᠠᠩᠰᠢᠯ ᠲᠠᠢ᠃ ᠡᠬᠦᠨ ᠳᠤ ᠬᠤᠨᠵᠢᠭᠳᠠᠭᠰᠠᠨ ᠡᠳᠡᠭᠡᠳ ᠨᠢ ᠠᠶᠢᠷᠠᠭ ᠴᠡᠭᠡ ᠪᠠᠨ ᠬᠦᠨᠳᠦᠷᠬᠦ ᠳᠤ ᠪᠠᠨ ᠢᠷᠦᠭᠠᠷ ᠦᠯᠡᠳᠡᠭᠡᠵᠦ ᠪᠤᠯᠳᠠᠭ ᠦᠬᠡᠢ᠃ ᠬᠡᠷᠪᠡ ᠢᠷᠤᠭᠠᠷ ᠦᠯᠡᠳᠡᠭᠡᠪᠡᠯ ︽ᠵᠤᠵᠠᠭᠠᠨ ᠪᠠᠶᠢᠨ᠎ᠠ᠂ ᠵᠤᠳ ᠪᠤᠯᠤᠨ᠎ᠠ︾ ᠭᠡᠵᠦ᠂ ᠠᠶᠢᠷᠠᠭ ᠴᠡᠭᠡ ᠤᠤᠭᠤᠬᠤ ᠦᠬᠡᠢ ᠬᠤᠭᠤᠰᠤᠨ ᠳᠡᠮᠪᠡᠭᠡᠳᠡᠪᠡᠯ ︽ᠬᠡᠬᠦᠦ ᠰᠤᠪᠠᠶᠢᠷᠠᠨ᠎ᠠ︾ ᠭᠡᠵᠦ ᠴᠡᠭᠡᠷᠯᠡᠳᠡᠭ᠃ ᠮᠦᠨ ᠴᠤ ᠬᠤᠷᠢᠮ ᠨᠠᠶᠢᠷ ᠳᠡᠭᠡᠷ᠎ᠠ ᠳᠡᠮᠪᠡᠭᠡᠳᠡᠬᠦ ᠶᠢ ᠶᠡᠬᠡᠳᠡ ᠴᠡᠭᠡᠷᠯᠡᠳᠡᠭ ᠵᠠᠩᠰᠢᠯ ᠲᠠᠢ᠃ ᠬᠤᠶᠠᠷ ᠬᠦᠮᠦᠨ ᠬᠤᠭᠤᠷᠣᠨᠳᠣ ᠪᠠᠨ᠄ ︽ᠳᠡᠮᠪᠡᠭᠡ ᠮᠡᠳᠡᠬᠦ ᠦᠦ᠂ ᠴᠢ︖︾ ᠭᠡᠵᠦ ᠠᠶᠠᠯᠭᠤᠯᠠᠨ ᠡᠬᠢᠯᠡᠬᠦ ᠪᠤᠶᠤ ︽ᠳᠡᠮᠪᠡᠭᠡ ᠰᠠᠶᠢᠨ ᠤᠤ ᠬᠦ᠋︾ ᠭᠡᠳ᠄ ᠭᠠᠩᠭᠠᠩ ᠭᠠᠭᠴᠠ ᠪᠠᠨ᠂ ᠬᠤᠶᠠᠷ ᠤᠨ ᠬᠤᠶᠠᠷ ᠢᠶᠠᠨ᠂ ᠭᠤᠨᠠᠨ ᠭᠤᠷᠪᠠ ᠪᠠᠨ᠂ ᠲᠦᠩᠬᠦ ᠲᠠᠢ ᠳᠥᠷᠪᠡ ᠪᠠᠨ᠂ ᠲᠠᠯ᠎ᠠ ᠶᠢᠨ ᠲᠠᠪᠤ ᠪᠠᠨ᠂ ᠵᠤᠷᠪᠤᠰ ᠤᠨ ᠵᠢᠷᠭᠤᠭ᠎ᠠ᠂ ᠳᠣᠯᠣᠭᠠᠲᠠᠢ ᠳᠣᠩᠪᠤ ᠪᠠᠨ᠂ ᠨᠠᠶᠢᠵᠠ ᠶᠢᠨ ᠨᠠᠢᠮᠠ ᠪᠠᠨ᠂ ᠶᠢᠰᠦ ᠶᠢᠨ ᠳᠡᠭᠡᠭᠡ᠂ ᠠᠷᠪᠠ ᠶᠢᠨ ᠬᠠᠩᠭᠠᠢ ᠭᠡᠵᠦ ᠬᠤᠶᠠᠷ ᠭᠠᠷ ᠤᠨ ᠢᠶᠠᠨ ᠠᠷᠪᠠᠨ ᠬᠤᠷᠤᠭᠤ ᠶᠢ ᠳᠡᠮᠪᠡᠭᠡᠨ ᠤ ᠠᠶᠠᠯᠭᠤ ᠪᠠᠷ ᠡᠭᠡᠯᠵᠢᠯᠡᠨ ᠭᠠᠷᠭᠠᠵᠤ ᠨᠠᠭᠠᠳᠳᠠᠭ᠃ ᠬᠤᠶᠠᠷ ᠬᠦᠮᠦᠨ ᠤ ᠭᠠᠷᠭᠠᠭᠰᠠᠨ ᠨᠡᠶᠢᠲᠡ ᠬᠤᠷᠤᠭᠤ ᠶᠢᠨ ᠲᠤᠭ᠎ᠠ ᠲᠠᠢ ᠠᠯᠢ ᠨᠢᠭᠡᠨ ᠤ ᠬᠢᠨᠢ ᠬᠡᠯᠡᠭᠰᠡᠨ ᠲᠤᠭ᠎ᠠ ᠲᠠᠭᠠᠷᠠᠪᠠᠯ ᠨᠢᠭᠡ ᠣᠨᠤᠭ᠎ᠠ ᠠᠪᠤᠨ᠎ᠠ᠃ ᠣᠨᠤᠭ᠎ᠠ ᠠᠪᠬᠤ ᠪᠦᠷᠢ ᠳᠤ ᠪᠠᠨ ᠨᠢᠭᠡ ᠭᠠᠷ ᠤᠨ ᠨᠢᠭᠡ ᠬᠤᠷᠤᠭᠤ ᠪᠠᠨ ᠳᠠᠷᠤᠵᠦ ᠬᠤᠮᠢᠨ᠎ᠠ᠃ ᠡᠶᠢᠮᠦ ᠮᠠᠶ᠋ᠢᠭ ᠢᠶᠠᠷ ᠣᠨᠤᠭ᠎ᠠ ᠠᠪᠤᠭᠰᠠᠭᠠᠷ ᠡᠬᠢᠯᠡᠵᠦ 4 ᠣᠨᠤᠭ᠎ᠠ ᠠᠪᠤᠭᠰᠠᠨ ᠨᠢ ︽ᠰᠠᠴᠤᠯᠢ ᠪᠠᠨ︾ ᠭᠡᠵᠦ ᠮᠡᠳᠡᠭᠳᠡᠭᠡᠳ ᠬᠤᠮᠢᠭᠰᠠᠨ ᠬᠤᠷᠤᠭᠤ ᠨᠤᠭᠤᠳ ᠢᠶᠠᠨ ᠳᠡᠯᠭᠡᠨ᠎ᠡ᠃ 5 ᠳᠠᠬᠢ ᠣᠨᠤᠭ᠎ᠠ ᠶᠢ ᠡᠬᠢᠯᠡᠵᠦ ᠠᠪᠤᠭᠰᠠᠨ ᠨᠢ ᠬᠤᠨᠵᠢᠳᠠᠭ᠃ ᠬᠤᠶᠠᠷ ᠲᠠᠯ᠎ᠠ ᠣᠨᠤᠭ᠎ᠠ ᠠᠪᠤᠭᠰᠠᠨ ᠢᠶᠠᠨ ᠨᠥᠭᠦᠭᠡ ᠭᠠᠷ ᠤᠨ ᠢᠶᠠᠨ ᠬᠤᠷᠤᠭᠤ ᠶᠢ ᠳᠠᠷᠤᠨ ᠲᠣᠭᠠᠴᠠᠳᠠᠭ ᠪᠠᠶᠢᠨ᠎ᠠ᠃ ᠬᠡᠷᠪᠡ ᠠᠯᠢ ᠨᠢᠭᠡ ᠨᠢ ᠣᠨᠣᠵᠤ ᠲᠠᠭᠠᠪᠠᠯ ︽ᠳᠡᠮᠪᠡᠭᠡ ᠮᠥᠨ ᠳᠤ ᠪᠠᠨ︾ ᠭᠡᠵᠦ᠂ ᠪᠤᠷᠤᠭᠤ ᠲᠠᠭᠠᠪᠠᠯ ︽ᠳᠡᠮᠪᠡᠭᠡᠡ ᠳᠤ ᠪᠠᠨ ᠪᠢᠰᠢ ᠬᠦ᠋︾ ᠭᠡᠵᠦ ᠲᠣᠯᠣᠭᠠᠢ ᠰᠡᠭᠰᠦᠷᠦᠨ ᠳᠡᠮᠪᠡᠭᠡᠳᠡᠳᠡᠭ᠃ ᠪᠠᠰᠠ ᠲᠤᠭ᠎ᠠ ᠬᠡᠯᠡᠬᠦ ᠳᠤ ᠪᠠᠨ ᠵᠠᠪᠠᠯ ᠡᠷᠡᠬᠡᠢ ᠬᠤᠷᠤᠭᠤ ᠪᠠᠨ ᠭᠠᠷᠭᠠᠬᠤ ᠶᠣᠰᠣᠲᠠᠢ᠃ ᠭᠠᠷᠭᠠᠬᠤ ᠦᠬᠡᠢ ᠪᠤᠯ ᠪᠠᠭᠤᠵᠦ ᠥᠭᠭᠦᠯ᠎ᠡ ᠭᠡᠰᠡᠨ ᠦᠭᠡ᠃ ᠳᠡᠮᠪᠡᠭᠡ ᠶᠢ ᠲᠣᠭᠯᠠᠬᠤ ᠳᠤ ᠮᠠᠰᠢ ᠣᠯᠠᠨ ᠤᠷᠠᠨ ᠠᠷᠭ᠎ᠠ ᠲᠠᠢ ᠪᠠᠶᠢᠳᠠᠭ᠃ ᠵᠢᠱᠢᠶ᠎ᠡ ᠨᠢ᠄ ᠭᠠᠷ ᠢᠶᠠᠨ ᠳᠡᠭᠡᠭᠰᠢ ᠬᠠᠷᠠᠭᠤᠯᠤᠭᠰᠠᠨ᠂ ᠳᠣᠷᠤᠭᠰᠢ ᠬᠠᠷᠠᠭᠤᠯᠤᠭᠰᠠᠨ ᠨᠢ ᠬᠦᠷᠲᠡᠯ᠎ᠡ ᠬᠤᠷᠤᠭᠤᠨ ᠤ ᠲᠣᠭᠠᠨ ᠳᠤ ᠨᠥᠯᠦᠭᠡᠯᠡᠳᠡᠭ ᠤᠴᠢᠷ ᠭᠠᠷ ᠢᠶᠠᠨ ᠮᠠᠰᠢ ᠬᠤᠷᠳᠤ ᠲᠠᠢ ᠡᠷᠭᠢᠭᠦᠯᠦᠭᠰᠡᠨ ᠢᠶᠠᠷ᠂ ᠥᠷᠢᠰᠦᠯᠳᠦᠭᠴᠢ ᠶᠢᠨ ᠢᠶᠠᠨ ᠲᠣᠯᠣᠭᠠᠢ ᠶᠢ ᠳᠦᠬᠡᠷᠢᠬᠦᠯᠳᠡᠭ᠃ ︽ᠰᠠᠴᠤᠯᠢ︾ ᠳᠤ ᠪᠠᠨ ᠭᠠᠷ ᠢᠶᠠᠨ ᠬᠠᠮᠢᠭ᠎ᠠ ᠨᠢᠭᠡ ᠲᠡᠰᠢ ᠰᠤᠩᠭᠠᠳᠠᠭ ᠲᠤᠯᠠ ᠡᠭᠦᠨ ᠢ ᠥᠷᠢᠰᠦᠯᠳᠦᠭᠴᠢ ᠪᠠᠨ ᠰᠠᠨᠳᠤᠷᠤᠨ ᠬᠡᠯᠡᠬᠦᠯᠬᠦ ᠳᠤ ᠠᠰᠢᠬᠯᠠᠳᠠᠭ᠃ ᠪᠠᠰᠠ ᠬᠤᠷᠤᠭᠤ ᠭᠠᠷᠭᠠᠵᠤ ᠪᠠᠶᠢᠬᠤ ᠳᠤ ᠪᠠᠨ ᠨᠢᠭᠤᠷ ᠤᠷᠤᠭᠤ ᠨᠢ ᠭᠠᠷ ᠢᠶᠠᠨ ᠰᠤᠩᠭᠠᠨ ᠠᠩᠬᠠᠷᠤᠯ ᠢ ᠨᠢ ᠰᠠᠷᠨᠢᠭᠤᠯᠬᠤ ᠭᠡᠬᠦ ᠮᠡᠲᠦ ᠣᠯᠠᠨ ᠠᠷᠭ᠎ᠠ ᠨᠤᠭᠤᠳ ᠪᠠᠶᠢᠳᠠᠭ᠃ ᠠᠶᠠᠯᠭᠤ ᠶᠢᠨ ᠬᠤᠪᠢ ᠳᠤ ᠨᠤᠲᠤᠭ ᠨᠤᠲᠤᠭ ᠠᠴᠠ ᠪᠠᠨ ᠡᠬᠦᠰᠦᠨ᠂ ᠶᠠᠯᠢ ᠦᠬᠡᠢ ᠥᠭᠡᠷ᠎ᠡ ᠪᠠᠶᠢᠬᠤ ᠪᠥᠭᠡᠳ ᠥᠭᠡᠷ᠎ᠡ ᠪᠠᠷ ᠲᠤᠭ᠎ᠠ ᠨᠤᠭᠤᠳ ᠢᠶᠠᠨ ᠰᠢᠯᠦᠭᠯᠡᠵᠦ ᠪᠤᠯᠳᠠᠭ᠃ ︽ᠭᠠᠭᠴᠠ ᠨᠢᠭᠡ᠂ ᠬᠤᠯᠪᠤᠵᠦ ᠬᠤᠶᠠᠷ᠂ ᠭᠤᠷᠪᠠ ᠭᠤᠶᠤᠬᠠᠨ᠂ ᠲᠦᠩᠭᠡᠵᠢ ᠳᠦᠷᠪᠡ᠂ ᠳᠠᠪᠠᠲᠠᠢ ᠰᠠᠶᠢᠬᠠᠨ᠂ ᠵᠢᠷᠭᠤᠭ᠎ᠠ ᠵᠢᠭᠠᠨ᠎ᠠ᠂ ᠲᠤᠷᠬᠢᠶ᠎ᠠ ᠲᠤᠯᠤᠭ᠎ᠠ᠂ ᠨᠠᠶᠢᠵᠠ ᠶᠢᠨ ᠨᠠᠢᠮᠠ᠂ ᠶᠦᠬᠡ ᠬᠠᠩᠭᠠᠢ᠂ ᠠᠷᠪᠠᠲᠠᠢ ᠰᠠᠶᠢᠬᠠᠨ︾ ᠭᠡᠵᠦ ᠤᠷᠨᠨ ᠰᠠᠶᠢᠬᠠᠨ ᠬᠡᠯᠡᠳᠡᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号