ᠮᠣᠷᠢᠨ ᠤ ᠨᠠᠰᠤ ᠵᠢᠯ ᠤᠨ ᠳᠠᠭᠤᠳᠠᠯᠭ᠎ᠠ
ᠨᠡᠶᠢᠲᠡᠯᠡᠭᠰᠡᠨ ᠴᠠᠭ᠄
2019/11/27
ᠤᠨᠠᠭ᠎ᠠ — ᠲᠤᠰ ᠵᠢᠯ ᠤᠨ ᠲᠦᠯ᠃ ᠨᠢᠯᠬ᠎ᠠ ᠤᠨᠠᠭ᠎ᠠ ᠪᠠ ᠬᠦᠷᠪᠡ ᠤᠨᠠᠭ᠎ᠠ ᠭᠡᠵᠦ ᠢᠯᠭᠠᠨ᠎ᠠ᠂ ᠤᠨᠠᠭ᠎ᠠ ᠰᠢᠳᠦ ᠦᠭᠡᠢ ᠭᠠᠷᠤᠭᠰᠠᠨ ᠢᠶᠠᠨ 6 — 7 ᠰᠠᠷ᠎ᠠ ᠳᠤ ᠰᠦᠨ ᠰᠢᠳᠦ ᠨᠢ ᠤᠷᠭᠤᠵᠦ ᠭᠦᠢᠴᠡᠨ᠎ᠡ᠃ ᠰᠠᠷᠪᠠ — ᠨᠢᠭᠡ ᠵᠢᠯ ᠬᠠᠭᠠᠰ ᠤᠨ ᠨᠠᠰᠤ ᠲᠠᠢ᠂ ᠰᠦᠨ ᠰᠢᠳᠦᠨ ᠨᠢ ᠡᠭᠦᠳᠡᠨ ᠰᠢᠳᠦᠨ ᠠᠴᠠ ᠪᠠᠨ ᠡᠬᠢᠯᠡᠵᠦ ᠭᠡ ᠨᠢ ᠡᠯᠡᠭᠳᠡᠳᠡᠭ᠃ ᠲᠠᠭ᠎ᠠ — ᠬᠤᠶᠠᠷ ᠨᠠᠰᠤ ᠪᠦᠬᠦᠯᠢ᠂ ᠡᠭᠦᠳᠡᠨ ᠤ ᠬᠤᠶᠠᠷ ᠰᠦᠨ ᠰᠢᠳᠦ ᠨᠢ ᠤᠨᠠᠵᠦ ᠡᠬᠢᠯᠡᠨ᠎ᠡ᠃ ᠰᠢᠳᠦᠯᠡᠩ — ᠭᠤᠷᠪᠠᠨ ᠨᠠᠰᠤ ᠲᠠᠢ᠂ ᠡᠭᠦᠳᠡᠨ ᠤ ᠬᠤᠶᠠᠷ ᠲᠤᠮᠤ ᠰᠢᠳᠦ ᠨᠢ ᠤᠷᠭᠤᠨ᠎ᠠ᠂ ᠡᠶᠢᠮᠦ ᠠᠴᠠ ︽ᠰᠢᠳᠦᠯᠡᠩ︾ ᠭᠡᠨ᠎ᠡ᠂ ᠭᠡᠬᠦ ᠳᠡᠭᠡᠨ ᠰᠢᠳᠦᠯᠡᠵᠦ ᠪᠠᠷᠠᠭᠠᠳᠤᠢ ᠶᠢ ᠨᠢ ᠰᠢᠳᠦᠯᠡᠬᠦ ᠭᠡᠵᠦ ᠬᠡᠯᠡᠬᠦ ᠪᠦᠭᠡᠳ ᠰᠢᠳᠦᠯᠡᠭᠰᠡᠨ ᠢ ᠨᠢ ᠰᠢᠳᠦᠯᠡᠩ ᠭᠡᠨ᠎ᠡ᠃ ᠡᠷ᠎ᠡ ᠶᠢ ᠨᠢ ᠦᠷᠢᠶ᠎ᠡ ᠭᠡᠵᠦ᠂ ᠡᠮ᠎ᠡ ᠶᠢ ᠨᠢ ᠪᠠᠶᠢᠳᠠᠰᠤ ᠭᠡᠳᠡᠭ ᠪᠠᠶᠢᠨ᠎ᠠ᠃ ᠬᠢᠵᠠᠯᠠᠩ — ᠲᠦᠷᠪᠡᠨ ᠨᠠᠰᠤ ᠲᠠᠢ᠂ ᠡᠭᠦᠳᠡᠨ ᠰᠢᠳᠦᠨ ᠤ ᠬᠤᠶᠠᠷ ᠲᠠᠯ᠎ᠠ ᠶᠢᠨ ᠰᠦᠨ ᠰᠢᠳᠦ ᠨᠢ ᠤᠨᠠᠵᠦ ᠲᠦᠷᠪᠡᠨ ᠲᠤᠮᠤ ᠰᠢᠳᠦ ᠲᠠᠢ ᠪᠤᠯᠬᠤ ᠶᠢ ︽ᠬᠢᠵᠠᠭᠠᠯᠠᠩ︾ ᠭᠡᠨ᠎ᠡ᠃ ᠲᠦᠷᠪᠡᠨ ᠨᠠᠰᠤᠨ ᠠᠴᠠ ᠲᠡᠭᠡᠭᠰᠢ ᠡᠷ᠎ᠡ ᠶᠢ  ᠨᠢ ᠨᠠᠰᠤ ᠭᠦᠢᠴᠡᠭᠰᠡᠨ ᠢᠶᠠᠷ ︽ᠮᠤᠷᠢ︾ ᠭᠡᠵᠦ᠂ ᠡᠮ᠎ᠡ ᠶᠢ ᠨᠢ ᠲᠦᠯᠯᠡᠬᠦ ᠨᠠᠰᠤᠨ ᠤ ᠪᠤᠯᠬᠤᠷ ︽ᠭᠡᠭᠦᠤ︾ ᠭᠡᠨ᠎ᠡ᠃ ᠰᠤᠶᠤᠯᠠᠩ — ᠲᠠᠪᠤᠨ ᠨᠠᠰᠤ ᠲᠠᠢ᠂ ᠵᠠᠬ᠎ᠠ ᠶᠢᠨ ᠦᠯᠡᠳᠡᠭᠰᠡᠨ ᠬᠤᠶᠠᠷ ᠰᠦᠨ ᠰᠢᠳᠦ ᠨᠢ ᠤᠨᠠᠵᠦ ᠲᠠᠭᠤᠰᠤᠭᠠᠳ ᠰᠤᠶᠤᠭ᠎ᠠ ᠨᠢ ᠭᠠᠷᠬᠤ ᠶᠢ ︽ᠰᠤᠶᠤᠭᠠᠯᠠᠩ︾ ᠭᠡᠨ᠎ᠡ᠃ ᠬᠠᠪᠴᠢᠭ ᠰᠤᠶᠤᠯᠠᠩ — ᠵᠢᠷᠭᠤᠭᠠᠨ ᠨᠠᠰᠤ ᠲᠠᠢ᠂ ᠰᠢᠳᠦᠨ ᠤ ᠵᠠᠭᠤᠯᠳᠠ ᠨᠢ ᠭᠦᠢᠴᠡᠵᠦ ᠲᠡᠭᠰᠢᠷᠡᠭᠡᠳ ᠲᠤᠤᠷ᠎ᠠ ᠬᠤᠶᠠᠷ ᠵᠠᠬ᠎ᠠ ᠶᠢᠨ ᠡᠭᠦᠳᠡᠨ ᠰᠢᠳᠦᠨ ᠤ ᠭᠡ ᠨᠢ ᠪᠦᠷᠢᠨ ᠬᠦᠷᠢᠶ᠎ᠡ ᠪᠤᠯᠤᠭ᠎ᠠ ᠦᠭᠡᠢ ᠵᠠᠬ᠎ᠠ ᠤᠷᠤᠭᠤ ᠪᠠᠨ ᠰᠡᠳᠡᠷᠬᠡᠢ ᠪᠠᠶᠢᠬᠤ ᠶᠢ ︽ᠬᠠᠪᠴᠢᠭ ᠰᠤᠶᠤᠭᠠᠯᠠᠩ︾ ᠭᠡᠨ᠎ᠡ᠃ ᠰᠤᠪᠠᠢ ᠡᠷᠡᠮᠡᠭ — ᠤᠨᠠᠭᠠᠯᠠᠳᠠᠭ ᠦᠭᠡᠢ ᠭᠡᠭᠦᠤ᠂ ᠬᠠᠷ᠎ᠠ ᠪᠠᠷ ᠰᠤᠪᠠᠶᠢᠷᠠᠭᠰᠠᠨ᠂ ᠠᠰᠠᠮᠠᠨ — ᠢᠯᠠ ᠵᠠᠰᠠᠭ᠎ᠠ ᠦᠭᠡᠢ ︵ᠲᠦᠮᠦᠰᠦ︶ ᠡᠷ᠎ᠡ ᠮᠠᠯ᠂ ᠠᠵᠢᠷᠭ᠎ᠠ — ᠭᠡᠭᠡᠯᠳᠦᠭᠦᠯᠦᠭᠴᠢ ᠮᠠᠯ᠂ ᠭᠡᠭᠦᠤ ᠮᠠᠯ ᠢ ᠤᠯᠠᠨ ᠢᠶᠠᠷ ᠬᠤᠷᠢᠶᠠᠵᠦ ᠡᠵᠡᠨᠳᠡᠬᠦ ᠶᠢᠨ ᠲᠠᠭᠠᠤ ᠳᠤ ᠦᠪᠡᠷ ᠤᠨ ᠲᠦᠯ ᠪᠠᠶᠢᠳᠠᠰᠤ ᠶᠢ ᠰᠦᠷᠦᠭ ᠠᠴᠠ ᠪᠠᠨ ᠲᠠᠰᠤᠳᠠᠵᠦ ᠦᠬᠡᠷ᠎ᠡ ᠠᠵᠢᠷᠭ᠎ᠠ ᠲᠠᠢ ᠠᠳᠤᠭᠤᠨ ᠳᠤ ᠬᠦᠭᠡᠭᠡᠵᠦ ᠤᠷᠤᠭᠤᠯᠳᠠᠭ᠃ ᠬᠢᠵᠢᠶᠡᠯᠢ — ᠠᠷᠪᠠ ᠬᠤᠶᠠᠷ ᠨᠠᠰᠤ ᠭᠠᠷᠤᠭᠰᠠᠨ ᠬᠦᠭᠰᠢᠷᠡᠭᠰᠡᠨ ᠠᠳᠤᠭᠤ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号