ᠦᠬᠡᠷ ᠤᠨ ᠨᠠᠰᠤ ᠵᠢᠯ ᠤᠨ ᠳᠠᠭᠤᠳᠠᠯᠭ᠎ᠠ
ᠨᠡᠶᠢᠲᠡᠯᠡᠭᠰᠡᠨ ᠴᠠᠭ᠄
2019/11/27
ᠪᠤᠬ᠎ᠠ — ᠭᠤᠷᠪᠠ ᠠᠴᠠ ᠲᠡᠭᠡᠭᠰᠢ ᠨᠠᠰᠤᠨ ᠤ ᠵᠠᠰᠠᠭ᠎ᠠ ᠦᠭᠡᠢ ᠭᠡᠭᠡᠯᠳᠦᠭᠦᠯᠦᠭᠴᠢ ᠡᠷ᠎ᠡ ᠮᠠᠯ᠂ ᠦᠷ᠎ᠡ ᠶᠢᠨ ᠮᠠᠯ ᠴᠤ ᠭᠡᠳᠡᠭ᠃ ᠦᠨᠢᠶ᠎ᠡ — ᠲᠦᠷᠪᠡᠨ ᠨᠠᠰᠤᠨ ᠠᠴᠠ ᠲᠡᠭᠡᠭᠰᠢᠬᠢ ᠲᠦᠯᠯᠡᠬᠦ ᠨᠠᠰᠤᠨ ᠤ ᠡᠮ᠎ᠡ ᠮᠠᠯ᠂ ᠡᠬᠡ ᠮᠠᠯ ᠴᠤ ᠭᠡᠳᠡᠭ᠃ ᠴᠠᠷ ︵ᠱᠠᠷ︶ — ᠲᠦᠷᠪᠡᠨ ᠨᠠᠰᠤᠨ ᠠᠴᠠ ᠲᠡᠭᠡᠭᠰᠢᠬᠢ ᠵᠠᠰᠠᠭᠰᠠᠨ ᠡᠷ᠎ᠡ ᠮᠠᠯ᠂ ᠡᠷ᠎ᠡ ᠦᠬᠡᠷ᠂ ᠬᠦᠯᠦᠪᠦᠷᠢ ᠶᠢᠨ ᠦᠬᠡᠷ ᠴᠤ ᠭᠡᠳᠡᠭ᠃ ᠰᠤᠶᠤᠯᠠᠩ — ᠲᠠᠪᠤᠨ ᠨᠠᠰᠤ ᠲᠠᠢ᠂ ᠵᠠᠰᠠᠭᠰᠠᠨ ᠡᠷ᠎ᠡ ᠶᠢ ᠨᠢ ᠰᠤᠶᠤᠯᠠᠩ ᠦᠬᠡᠷ ᠭᠡᠵᠦ᠂ ᠡᠮ᠎ᠡ ᠶᠢ ᠨᠢ ᠰᠤᠶᠤᠯᠠᠩ ᠦᠨᠢᠶ᠎ᠡ ᠭᠡᠳᠡᠭ᠂ ᠲᠦᠷᠪᠡᠨ ᠨᠠᠰᠤ ᠦᠩᠭᠡᠷᠡᠭᠡᠳ ᠲᠤᠮᠳᠠᠬᠢ ᠬᠤᠤᠰ ᠰᠦᠨ ᠰᠢᠳᠦ ᠨᠢ ᠰᠤᠯᠢᠭᠳᠠᠵᠦ ᠵᠢᠷᠭᠤᠭᠠᠨ ᠲᠤᠮᠤ ᠬᠠᠯᠪᠠᠭ᠎ᠠ ᠭᠠᠷᠤᠨ᠎ᠠ᠂ ᠡᠭᠦᠨ ᠢ ︽ᠰᠤᠶᠤᠯᠠᠩ︾ ᠭᠡᠨ᠎ᠡ᠃ ᠬᠢᠵᠠᠯᠠᠩ — ᠲᠦᠷᠪᠡᠨ ᠨᠠᠰᠤ ᠲᠠᠢ᠂ ᠵᠠᠰᠠᠭᠰᠠᠨ ᠡᠷ᠎ᠡ ᠶᠢ ᠨᠢ ᠬᠢᠵᠠᠯᠠᠩ ᠭᠤᠨ᠎ᠠ ᠭᠡᠵᠦ᠂ ᠡᠮ᠎ᠡ ᠶᠢ ᠨᠢ ᠬᠢᠵᠠᠯᠠᠩ ᠭᠤᠨᠵᠢ᠂ ᠵᠠᠰᠠᠭ᠎ᠠ ᠦᠭᠡᠢ ᠡᠷ᠎ᠡ ᠶᠢ ᠨᠢ ᠬᠢᠵᠠᠯᠠᠩ ᠪᠤᠬ᠎ᠠ ᠴᠤ ᠭᠡᠳᠡᠭ᠃ ᠭᠤᠷᠪᠠᠨ ᠨᠠᠰᠤ ᠦᠩᠭᠡᠷᠡᠭᠡᠳ ᠬᠤᠤᠰ ᠰᠦᠨ ᠰᠢᠳᠦ ᠨᠢ ᠰᠢᠳᠦᠯᠡᠵᠦ ᠲᠦᠷᠪᠡᠨ ᠬᠠᠯᠪᠠᠭ᠎ᠠ ᠭᠠᠷᠦᠨ᠎ᠠ᠂ ᠡᠭᠦᠨ ᠢ ︽ᠬᠢᠵᠠᠯᠠᠩ︾ ᠭᠡᠨ᠎ᠡ᠃ ᠰᠢᠳᠦᠯᠡᠩ — ᠭᠤᠷᠪᠠᠨ ᠨᠠᠰᠤ ᠲᠠᠢ᠂ ᠡᠷ᠎ᠡ ᠶᠢ ᠨᠢ ᠰᠢᠳᠦᠯᠡᠩ ᠭᠤᠨ᠎ᠡ ᠭᠡᠵᠦ᠂ ᠡᠮ᠎ᠡ ᠶᠢ ᠨᠢ ᠰᠢᠳᠦᠯᠡᠩ ᠭᠤᠨᠵᠢ᠂ ᠵᠠᠰᠠᠭ᠎ᠠ ᠦᠭᠡᠢ ᠡᠷ᠎ᠡ ᠶᠢ ᠨᠢ ᠰᠢᠳᠦᠯᠡᠩ ᠪᠤᠬ᠎ᠠ ᠭᠡᠨ᠎ᠡ᠃ ᠬᠤᠶᠠᠷ ᠠᠴᠠ ᠬᠤᠶᠠᠷ ᠬᠠᠭᠠᠰ ᠨᠠᠰᠤ ᠬᠦᠷᠳᠡᠯ᠎ᠡ ᠡᠭᠦᠳᠡᠨ ᠰᠢᠳᠦ ᠨᠢ ᠰᠤᠯᠢᠭᠳᠠᠵᠦ ᠬᠤᠶᠠᠷ ᠲᠤᠮᠤ ᠬᠠᠯᠪᠠᠭ᠎ᠠ ᠭᠠᠷᠤᠨ᠎ᠠ᠂ ᠡᠭᠦᠨ ᠢ ︽ᠰᠢᠳᠦᠯᠡᠩ︾ ᠭᠡᠨ᠎ᠡ᠃ ᠪᠢᠷᠠᠭᠤ — ᠬᠤᠶᠠᠷ ᠨᠠᠰᠤ ᠲᠠᠢ᠂ ᠡᠷ᠎ᠡ ᠪᠢᠷᠠᠭᠤ᠂ ᠦᠬᠢᠨ ᠪᠢᠷᠠᠭᠤ᠂ ᠪᠤᠬ᠎ᠠ ᠪᠢᠷᠠᠭᠤ ᠭᠡᠵᠦ ᠬᠦᠢᠰᠦ ᠪᠠᠷ ᠨᠢ ᠢᠯᠭᠠᠳᠠᠭ᠃ 1 — 2 ᠨᠠᠰᠤ ᠬᠦᠷᠳᠡᠯ᠎ᠡ ᠰᠦᠨ ᠰᠢᠳᠦ ᠨᠢ ᠡᠯᠡᠭᠳᠡᠵᠦ ᠨᠡᠯᠢᠶᠡᠳ ᠪᠤᠭᠤᠨᠢ ᠪᠤᠯᠬᠤ ᠪᠤᠯᠪᠠᠴᠤ ᠰᠢᠳᠦᠯᠡᠬᠦ ᠦᠭᠡᠢ᠃ ᠲᠤᠭᠤᠯ — ᠲᠤᠰ ᠵᠢᠯ ᠤᠨ ᠲᠦᠯ᠂ ᠡᠷ᠎ᠡ ᠲᠤᠭᠤᠯ᠂ ᠦᠬᠢᠨ ᠲᠤᠭᠤᠯ ᠭᠡᠵᠦ ᠭᠦᠢᠰᠦ ᠪᠠᠷ ᠨᠢ ᠢᠯᠭᠠᠳᠠᠭ᠃ ᠨᠢᠯᠬ᠎ᠠ ᠲᠤᠭᠤᠯ ᠭᠡᠵᠦ ᠰᠠᠶ᠋ᠢ ᠭᠠᠷᠤᠭᠰᠠᠨ ᠲᠤᠭᠤᠯ᠂ ᠬᠦᠷᠦᠪᠡ ᠲᠤᠭᠤᠯ ᠭᠡᠵᠦ ᠤᠰᠤ ᠡᠪᠡᠰᠦᠨ ᠳᠤ ᠤᠷᠤᠭᠰᠠᠨ ᠪᠦᠳᠦᠭᠦᠷᠡᠭᠰᠡᠨ ᠲᠤᠭᠤᠯ᠂ ᠲᠠᠬᠤᠯᠠᠢ ᠲᠤᠭᠤᠯ ᠭᠡᠵᠦ ᠬᠠᠪᠤᠷ ᠡᠷᠳᠡ ᠭᠠᠷᠤᠭᠰᠠᠨ ᠲᠤᠭᠤᠯ᠂ ᠬᠡᠨᠵᠡ ᠲᠤᠭᠤᠯ ᠭᠡᠵᠦ ᠠᠭᠠᠵᠢᠮ ᠭᠠᠷᠤᠭᠰᠠᠨ ᠲᠤᠭᠤᠯ᠂ ᠢᠬᠢᠷ᠎ᠡ ᠲᠤᠭᠤᠯ ᠭᠡᠵᠦ ᠬᠤᠤᠰ ᠭᠠᠷᠤᠭᠰᠠᠨ ᠲᠤᠭᠤᠯ᠂ ᠲᠡᠯᠡᠭᠡ ᠲᠤᠭᠤᠯ ᠭᠡᠵᠦ ᠬᠤᠶᠠᠷ ᠡᠬᠡ ᠬᠦᠬᠦᠳᠡᠭ ᠲᠤᠭᠤᠯ ᠭᠡᠵᠦ ᠤᠯᠠᠨ ᠲᠠᠯ᠎ᠠ ᠪᠠᠷ ᠨᠡᠷᠡᠯᠡᠳᠡᠭ᠃ ᠲᠤᠭᠤᠯ ᠡᠬᠡ ᠠᠴᠠ ᠭᠠᠷᠤᠭᠠᠳ 5 ᠰᠠᠷ᠎ᠠ ᠪᠤᠯᠬᠤ ᠳᠤ ᠡᠭᠦᠳᠡᠨ ᠰᠢᠳᠦ ᠨᠢ ᠵᠢᠭᠳᠡᠷᠡᠵᠦ ᠭᠦᠢᠴᠡᠨ᠎ᠡ᠃ ᠬᠢᠵᠢᠶᠡᠯᠢ — ᠠᠷᠪᠠ ᠭᠠᠷᠤᠭᠰᠠᠨ ᠬᠦᠭᠰᠢᠷᠡᠭᠰᠡᠨ ᠦᠬᠡᠷ᠂ ᠰᠤᠪᠠᠢ — ᠭᠡᠭᠡᠯ ᠲᠤᠭᠳᠠᠭᠰᠠᠨ ᠦᠭᠡᠢ ᠦᠨᠢᠶ᠎ᠡ᠂ ᠠᠰᠮᠠᠨ — ᠲᠤᠳᠠᠭᠤ ᠵᠠᠰᠠᠭᠰᠠᠨ ᠪᠤᠬᠠᠨᠳᠠᠢ ᠦᠬᠡᠷ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号