ᠲᠡᠮᠡᠭᠡᠨ ᠤ ᠨᠠᠰᠤ ᠵᠢᠯ ᠤᠨ ᠳᠠᠭᠤᠳᠠᠯᠭ᠎ᠠ
ᠨᠡᠶᠢᠲᠡᠯᠡᠭᠰᠡᠨ ᠴᠠᠭ᠄
2019/11/27
ᠪᠤᠳᠤᠭᠤ — ᠲᠤᠰ ᠵᠢᠯ ᠤᠨ ᠲᠦᠯ᠃ ᠲᠤᠷᠤᠮ — ᠬᠤᠶᠠᠷ ᠨᠠᠰᠤ ᠲᠠᠢ᠃ ᠡᠷ᠎ᠡ ᠦᠬᠢᠨ ᠲᠤᠷᠤᠮ ᠭᠡᠵᠦ ᠢᠯᠭᠠᠨ᠎ᠠ᠃ ᠭᠤᠨ᠎ᠠ᠂ ᠭᠤᠨᠵᠢ — ᠭᠤᠷᠪᠠᠨ ᠨᠠᠰᠤ ᠲᠠᠢ᠃ ᠭᠤᠨ᠎ᠠ ᠭᠡᠵᠦ ᠡᠷ᠎ᠡ᠂ ᠭᠤᠨᠵᠢ ᠭᠡᠵᠦ ᠡᠮ᠎ᠡ᠂ ᠲᠦᠨ᠎ᠡ᠂ ᠲᠦᠨᠵᠢ — ᠲᠦᠷᠪᠡᠨ ᠨᠠᠰᠤ ᠲᠠᠢ᠃ ᠲᠦᠨ᠎ᠡ ᠭᠡᠵᠦ ᠡᠷ᠎ᠡ᠂ ᠲᠦᠨᠵᠢ ᠭᠡᠵᠦ ᠡᠮ᠎ᠡ᠂ ᠲᠡᠮᠡᠭᠡ ᠤᠷᠳᠤ ᠨᠠᠰᠤ ᠲᠠᠢ ᠠᠮᠢᠳᠠᠨ ᠪᠤᠯᠬᠤᠷ ᠭᠤᠨ᠎ᠡ᠂ ᠲᠦᠨ᠎ᠡ ᠳᠡᠭᠡᠨ ᠭᠤᠤᠯ ᠬᠤᠶᠠᠷ ᠰᠦᠨ ᠰᠢᠳᠦ ᠨᠢ ᠰᠤᠯᠢᠭᠳᠠᠨ᠎ᠠ᠃ ᠲᠠᠶᠢᠯᠤᠭ — ᠲᠠᠪᠤᠨ ᠨᠠᠰᠤᠨ ᠤ ᠵᠠᠰᠠᠭ᠎ᠠ ᠦᠭᠡᠢ᠂ 5 — 6 ᠨᠠᠰᠤᠨ ᠳᠠᠭᠠᠨ ᠲᠤᠮᠳᠠ ᠲᠦᠷᠪᠡ ᠪᠠᠨ ᠰᠤᠩᠭᠠᠵᠦ᠂ ᠲᠡᠭᠡᠷ᠎ᠡ ᠲᠤᠤᠷᠠᠬᠢ ᠬᠤᠶᠠᠷ ᠨᠢ ᠭᠠᠷᠤᠨ᠎ᠠ᠃ 7 — 8 ᠨᠠᠰᠤᠨ ᠳᠠᠭᠠᠨ ᠨᠠᠢᠮᠠᠨ ᠡᠭᠦᠳᠡᠨ ᠰᠢᠳᠦ ᠨᠢ ᠴᠦᠮ ᠪᠠᠶᠢᠩᠭᠤ ᠶᠢᠨ ᠰᠢᠳᠦ ᠪᠠᠷ ᠰᠤᠯᠢᠭᠳᠠᠵᠦ ᠰᠢᠳᠦᠯᠡᠵᠦ ᠲᠠᠭᠤᠰᠤᠨ᠎ᠠ᠃ ᠠᠳᠠ — ᠲᠠᠪᠤᠨ ᠨᠠᠰᠤᠨ ᠠᠴᠠ ᠲᠡᠭᠡᠭᠰᠢᠬᠢ ᠵᠠᠰᠠᠭᠰᠠᠨ᠂ ᠪᠤᠤᠷ᠎ᠠ — ᠲᠠᠪᠤᠨ ᠨᠠᠰᠤᠨ ᠠᠴᠠ ᠲᠡᠭᠡᠭᠰᠢᠬᠢ ᠵᠠᠰᠠᠭ᠎ᠠ ᠦᠭᠡᠢ᠂ ᠠᠰᠠᠮᠠᠨ — ᠵᠠᠰᠠᠬᠤ ᠳᠤ ᠨᠢᠭᠡ ᠪᠥᠭᠡᠷ᠎ᠡ ᠨᠢ ᠣᠯᠳᠠᠭ᠎ᠠ ᠦᠭᠡᠢ ᠪᠤᠶᠤ ᠨᠢᠭᠡ ᠪᠥᠭᠡᠷ᠎ᠡ ᠲᠠᠢ ᠲᠡᠮᠡᠭᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号