ᠰᠢᠭᠢᠷ ᠲᠠᠢ ᠰᠠᠰᠤ ᠪᠤᠭᠤᠷᠰᠤᠭ
ᠨᠡᠶᠢᠲᠡᠯᠡᠭᠰᠡᠨ ᠴᠠᠭ᠄
2019/11/27
ᠤᠷᠢᠳ ᠢᠶᠠᠷ ᠴᠠᠭᠠᠨ ᠭᠤᠯᠢᠷ ᠢᠶᠠᠨ ᠵᠢᠩᠨᠡᠭᠦ ᠪᠤᠶᠤ ᠬᠠᠭᠤᠷᠴᠤ ᠪᠤᠯᠭᠠᠳᠠᠭ᠃ ᠵᠠᠷᠢᠮ ᠠᠶᠢᠯ ᠨᠢ ᠴᠠᠭᠠᠨ ᠭᠤᠯᠢᠷ ᠭᠢᠭᠦ ᠦᠬᠡᠢ ᠪᠠᠷ ᠬᠠᠭᠤᠷᠤᠬᠰᠠᠨ ᠠᠷᠪᠠᠢ ᠶᠢᠨ ᠭᠤᠯᠢᠷ᠂ ᠠᠮᠤᠨ ᠵᠦᠭᠡᠯᠡᠨ ᠠᠭᠠᠭ᠂ ᠴᠦᠯᠢᠭᠡᠷ ᠤᠨ ᠲᠠᠯᠬ᠎ᠠ ᠵᠡᠷᠭᠡ ᠶᠢ ᠰᠤᠩᠭᠤᠵᠦ ᠤᠷᠤᠯᠠᠭᠤᠯᠳᠠᠭ ᠴᠤ ᠪᠠᠶᠢᠵᠠᠢ᠃ ᠰᠢᠭᠢᠷᠯᠢᠭ ᠠᠮᠳᠠ ᠳᠤ ᠲᠠᠮᠠᠢ ᠲᠤᠷ᠎ᠠ ᠦᠬᠡᠢ ᠨᠦᠭᠦᠴᠡᠯ ᠪᠠᠷᠤᠬᠳᠠᠢ ᠨᠢ ᠭᠤᠯᠢᠷ ᠢᠶᠠᠨ ᠶᠡᠭᠡ ᠰᠢᠬ ᠭᠢᠵᠦ᠂ ᠰᠢᠬᠢᠷ ᠢᠶᠠᠨ ᠪᠠᠭᠠᠰᠬᠠᠳᠠᠭ ︵10 ᠵᠢᠩ ᠪᠤᠭᠤᠷᠰᠤᠭ ᠤᠨ ᠲᠤᠳᠤᠷ᠎ᠠ ᠨᠠᠶᠢᠳᠠ 3 ᠵᠢᠩ ᠬᠠᠶᠢᠠᠰᠤ ᠭᠡᠷᠡᠭᠯᠡᠳᠡᠭ︶᠃ ᠠᠶᠢᠯ ᠠᠶᠢᠯ ᠤᠨ ᠢᠳᠡᠭᠦ ᠲᠤᠷᠠᠰᠢᠯ ᠪᠠ ᠨᠦᠭᠦᠴᠠᠯ ᠤᠨ ᠠᠳᠠᠯᠢ ᠪᠤᠰᠤ ᠠᠴᠠ ᠪᠤᠯᠵᠦ ᠬᠠᠷ᠎ᠠ ᠴᠠᠭᠠᠨ ᠰᠢᠭᠢᠷ᠂ ᠮᠦᠰᠤᠨ ᠰᠢᠭᠢᠷ᠂ ᠡᠯᠵᠢᠭᠡᠨ ᠴᠢᠭᠢ᠂ ᠦᠵᠦᠮ ᠵᠡᠷᠭᠡ ᠡᠯᠳᠡᠪ ᠵᠦᠢᠯ ᠤᠨ ᠠᠮᠳᠠᠳᠠᠢ᠂ ᠲᠤᠷᠠᠳᠠᠢ ᠶᠠᠭᠤᠮ᠎ᠠ ᠪᠠᠨ ᠭᠢᠵᠦ᠂ ᠬᠠᠷ᠎ᠠ ᠲᠤᠰᠤ᠂ ᠰᠢᠷ᠎ᠠ ᠲᠤᠰᠤ ᠵᠡᠷᠭᠡ ᠵᠤᠭᠢᠬᠤ ᠭᠡᠮᠵᠢᠶᠠᠨ ᠤ ᠲᠤᠰᠤ ᠨᠡᠮᠡᠭᠡᠤᠨ ᠰᠠᠶᠢᠳᠤᠷ ᠵᠢᠭᠤᠷᠠᠵᠤ ᠬᠤᠤᠠᠬᠤᠵᠦ ᠬᠤᠯᠢᠭᠠᠤᠨ᠂ ᠪᠤᠭᠤᠷᠰᠤᠭ ᠤᠨ ᠰᠢᠶᠠᠠᠽᠨ᠂ ᠬᠠᠶᠢᠠᠰᠤ ᠪᠤᠭᠤᠷᠰᠤᠭ ᠤᠨ ᠭᠤᠤᠯ᠂ ᠨᠤᠭᠤᠰᠢ᠂ ᠢᠳᠡᠭᠡ ᠵᠡᠷᠭᠡ ᠠᠳᠠᠯᠢ ᠪᠤᠰᠤ ᠪᠠᠷ ᠨᠠᠷᠠᠯᠠᠵᠦ ᠪᠤᠭᠤᠷᠰᠤᠭ ᠲᠤ ᠪᠤᠭᠤᠬᠤ ᠪᠠᠷ ᠪᠡᠯᠡᠤᠡᠭᠡᠳᠡᠭ᠃ ᠲᠠᠷᠠᠭ᠎ᠠ ᠨᠢ ᠤᠰᠤᠨ ᠭᠤᠯᠢᠷ ᠢᠶᠠᠨ ᠨᠤᠬᠤᠳᠠᠭ᠃ ᠡᠨᠡ ᠤᠰᠤᠨ ᠭᠤᠯᠢᠷ ᠢ ᠡᠷᠭᠡᠪᠰᠢ ᠴᠠᠭᠠᠨ ᠭᠤᠯᠢᠷ ᠢᠶᠠᠷ ᠭᠢᠳᠡᠭ᠃ ᠨᠤᠬᠤᠬᠤ ᠳᠤ ᠪᠦᠯᠢᠶᠠᠨ ᠬᠠᠯᠠᠭᠤᠨ ᠤᠰᠤᠨ ᠳᠤ ᠪᠠᠨ ᠵᠤᠭᠢᠬᠤ ᠭᠡᠮᠵᠢᠶᠠᠨ ᠤ ᠬᠠᠷ᠎ᠠ ᠲᠤᠰᠤ ︵4 ᠵᠢᠩ ᠭᠤᠯᠢᠷ ᠲᠤ 1 ᠵᠢᠩ — 1.5 ᠵᠢᠩ︶ ᠭᠢᠵᠦ᠂ ᠤᠰᠤ ᠲᠤᠰᠤ ᠬᠤᠶᠠᠷ ᠢᠶᠠᠨ ᠰᠠᠶᠢᠳᠤᠷ ᠵᠢᠭᠤᠷᠠᠵᠦ ᠬᠤᠯᠢᠭᠠᠤᠨ ᠴᠠᠭᠠᠨ ᠭᠤᠯᠢᠷ ᠢᠶᠠᠨ ᠨᠤᠬᠤᠵᠦ ᠤᠰᠤᠨ ᠭᠤᠯᠢᠷ ᠭᠡᠵᠦ ᠨᠡᠷᠡᠯᠡᠵᠦ ᠪᠠᠵᠠᠭᠠᠳᠠᠭ᠃ ᠬᠠᠮᠤᠭ ᠰᠡᠭᠦᠯ ᠳᠤ ᠲᠤᠰᠤᠨ ᠭᠤᠯᠢᠷ ᠨᠤᠬᠤᠳᠠᠭ᠃ ᠦᠩᠭᠡᠷᠡᠭᠰᠡᠨ ᠳᠤ ᠲᠤᠰᠤᠨ ᠭᠤᠯᠢᠷ ︵10 ᠵᠢᠩ ᠪᠤᠭᠤᠷᠰᠤᠭ ᠲᠤ 3 ᠵᠢᠩ ᠭᠤᠯᠢᠷ ᠲᠠᠭᠠᠷᠠᠭᠤᠯᠳᠠᠭ︶ ᠢ ᠰᠢᠭᠤᠤᠨ ᠭᠠᠭ᠋ᠠᠢ ᠶᠢᠨ ᠰᠠᠮᠠᠵᠨ ᠶᠢ ᠬᠠᠶᠢᠯᠤᠭᠤᠯᠤᠬᠰᠠᠨ ᠲᠤᠰᠤ ᠪᠠᠷ ᠨᠤᠬᠤᠵᠦ ᠤᠰᠤ ᠤᠬᠳᠤ ᠭᠢᠳᠡᠭ ᠦᠬᠡᠢ᠂ ᠤᠷᠴᠢᠮ ᠤᠨ ᠵᠢᠯ ᠠᠴᠠ ᠨᠠᠷᠠᠨ ᠬᠤᠸᠠᠷ ᠤᠨ ᠲᠤᠰᠤ ᠵᠡᠷᠭᠡ ᠬᠠᠷ᠎ᠠ ᠲᠤᠰᠤ ᠪᠠᠷ ᠤᠷᠤᠯᠠᠭᠤᠯᠳᠠᠭ ᠪᠤᠯᠵᠠᠢ᠃ ᠪᠤᠭᠤᠷᠰᠤᠭ ᠭᠢᠭᠦ ᠳᠤ ᠪᠠᠨ ᠨᠢᠭᠡ ᠭᠡᠰᠡᠭ ᠤᠰᠤᠨ ᠭᠤᠯᠢᠷ ᠤᠨ ᠲᠤᠳᠤᠷ᠎ᠠ 4᠄ 3 ᠬᠢᠷᠢᠳᠡᠢ ᠵᠤᠭᠢᠬᠤ ᠭᠡᠮᠵᠢᠶᠠᠨ ᠤ ᠲᠤᠰᠤᠨ ᠭᠤᠯᠢᠷ ᠢᠶᠠᠨ ᠪᠠᠭᠯᠠᠵᠦ ᠲᠠᠷᠤᠵᠦ ᠬᠠᠪᠳᠠᠶᠢᠯᠠᠭᠠᠭᠠᠤᠨ ᠠᠯᠠᠭᠠᠳᠠᠵᠦ ᠲᠠᠭᠢᠨ ᠬᠤᠶᠢᠯᠠᠵᠦ᠂ ᠨᠢᠭᠡ ᠨᠢᠭᠡ ᠪᠤᠭᠤᠷᠰᠤᠭ ᠤᠨ ᠭᠢᠷᠢ ᠪᠠᠷ ᠭᠡᠷᠴᠢᠵᠦ ᠠᠩᠭᠢᠯᠠᠭᠠᠤᠨ᠂ ᠲᠡᠬᠢᠵᠦ 9 — 12 ᠰᠡᠨᠲ᠋ᠢᠮᠧᠲᠷ ᠵᠢᠵᠢᠭ ᠲᠤᠭᠤᠷᠢᠭ ᠭᠡᠯᠪᠠᠷᠢ ᠲᠠᠢ ᠠᠯᠠᠭᠠᠳᠠᠬᠤ ᠪᠤᠶᠤ ᠭᠠᠷ ᠢᠶᠠᠷ ᠢᠶᠠᠨ ᠬᠤᠩᠬᠤᠶᠢᠯᠠᠭᠠᠭᠠᠤᠨ᠂ ᠲᠤᠳᠤᠷ᠎ᠠ ᠨᠢ ᠬᠠᠶᠢᠠᠰᠤ ᠪᠠᠨ ᠭᠢᠵᠦ ᠴᠤᠬᠯᠠᠵᠦ ᠪᠢᠳᠡᠭᠦᠯᠦᠭᠡᠤᠨ ᠰᠢᠭᠤᠤᠨ ᠲᠤᠭᠤᠷᠢᠭ ᠭᠡᠯᠪᠡᠷᠢ ᠲᠠᠢ ᠪᠤᠯᠭᠠᠵᠦ ᠲᠠᠷᠤᠬᠤ ᠪᠤᠶᠤ ᠲᠤᠰᠬᠠᠢ ᠭᠡᠪ ᠲᠤ ᠭᠢᠵᠦ ᠭᠡᠪᠯᠡᠭᠡᠤᠨ᠂ ᠤᠯᠠᠭᠠᠨ ᠦᠩᠭᠡ ᠲᠠᠢ ᠬᠤᠸᠠᠷ ᠲᠠᠢ ᠲᠠᠮᠠᠭ᠎ᠠ ᠪᠠᠷ ᠲᠠᠮᠠᠭᠠᠯᠠᠵᠦ᠂ ᠨᠦᠭᠡᠯᠡᠵᠦ ᠭᠡᠶᠢᠯᠡᠭᠡᠤᠨ ᠬᠠᠩᠨᠠᠬᠤ ᠪᠠᠷ ᠪᠡᠯᠡᠤᠡᠭᠡᠳᠡᠭ᠃ ᠢᠩᠭᠢᠵᠦ ᠭᠡᠶᠢᠯᠡᠭᠰᠡᠨ ᠪᠤᠭᠤᠷᠰᠤᠭ ᠤᠨ ᠭᠡᠪ ᠶᠠᠩᠵᠦ ᠨᠢ ᠡᠪᠳᠠᠷᠠᠭᠦ ᠦᠬᠡᠢ᠂ ᠭᠡᠭᠦ᠋ᠢᠵᠦ ᠲᠦᠩᠭᠦ᠋ᠢᠭᠦ ᠦᠬᠡᠢ ᠦᠵᠡᠮᠦᠷᠢ ᠲᠠᠢ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号