ᠡᠷᠢᠶᠠᠨ ᠪᠤᠭᠤᠷᠰᠤᠭ
ᠨᠡᠶᠢᠲᠡᠯᠡᠭᠰᠡᠨ ᠴᠠᠭ᠄
2019/11/27
ᠭᠤᠯᠢᠷ ᠢᠶᠠᠨ ᠬᠤᠵᠢᠷ ᠲᠠᠢ ᠤᠰᠤ ᠪᠤᠶᠤ ᠲᠠᠪᠤᠰᠤ ᠲᠠᠢ ᠤᠰᠤ ᠵᠢᠴᠢ ᠰᠤᠳᠠ ᠲᠠᠢ ᠤᠰᠤ ᠪᠠᠷ ᠨᠤᠬᠤᠵᠦ ᠠᠯᠠᠭᠠᠳᠠᠭᠠᠤᠨ ᠲᠤᠳᠤᠷ᠎ᠠ ᠨᠢ ᠬᠠᠶᠢᠠᠰᠤ ︵ᠭᠢᠭᠦ ᠠᠷᠭ᠎ᠠ ᠨᠢ ᠰᠠᠰᠤ ᠪᠤᠭᠤᠷᠰᠤᠭ ᠲᠠᠢ ᠠᠳᠠᠯᠢ︶ ᠪᠠᠨ ᠴᠤᠬᠯᠠᠵᠦ᠂ ᠭᠡᠪ ᠲᠤ ᠤᠷᠤᠭᠤᠯᠬᠤ ᠦᠬᠡᠢ ᠪᠠᠷ ᠭᠠᠷ ᠢᠶᠠᠷ ᠢᠶᠠᠨ ᠲᠠᠷᠤᠭᠠᠤᠨ᠂ ᠲᠠᠮᠠᠭᠠᠯᠠᠵᠦ ᠭᠡᠶᠢᠯᠡᠭᠡᠤᠨ᠂ ᠬᠠᠩᠨᠠᠬᠤ ᠪᠠᠷ ᠪᠡᠯᠡᠤᠡᠭᠡᠳᠡᠭ᠂ ᠬᠠᠶᠢᠠᠰᠤ ᠪᠠ ᠭᠠᠳᠠᠷ ᠭᠤᠯᠢᠷ ᠭᠡᠷᠡᠭᠯᠡᠭᠦ ᠭᠡᠮᠵᠢᠶ᠎ᠠ ᠨᠢ ᠲᠡᠭᠡᠷᠡᠭᠢ ᠲᠠᠢ ᠠᠳᠠᠯᠢ᠃ ᠠᠩᠬ᠎ᠠ ᠡᠭᠢᠯᠡᠭᠦ ᠦᠶᠠᠰ ᠲᠤᠰᠬᠠᠢ ᠲᠤᠭᠤᠭ᠎ᠠ ᠪᠠᠶᠢᠬᠰᠠᠨ ᠦᠬᠡᠢ ᠪᠤᠯᠬᠤᠷ᠂ ᠠᠮᠤ ᠬᠠᠭᠤᠷᠳᠠᠭ ᠶᠡᠭᠡ  ᠲᠤᠭᠤᠭᠠᠨ ᠤ ᠪᠠᠨ ᠲᠤᠳᠤᠷᠠᠭᠢ ᠶᠢ ᠰᠢᠪᠠᠷ ᠶᠢᠨ ᠰᠢᠪᠠᠵᠦ ᠲᠡᠭᠡᠷ᠎ᠠ ᠨᠢ ᠪᠤᠭᠤᠷᠰᠤᠭ ᠢᠶᠠᠨ ᠬᠠᠩᠨᠠᠬᠤ ᠪᠤᠶᠤ ᠪᠤᠷᠠᠮ ᠳᠤ ᠪᠤᠯᠠᠵᠦ ᠪᠤᠯᠭᠤᠳᠠᠭ ᠴᠤ ᠪᠠᠶᠢᠵᠠᠢ᠃ ᠰᠡᠭᠦᠯᠡᠷ ᠨᠢ ᠲᠤᠰᠬᠠᠢ ᠲᠤᠭᠤᠭᠠᠨ ᠳᠤ ᠲᠤᠰᠤ ᠲᠦᠷᠭᠢᠵᠦ ᠬᠠᠩᠨᠠᠳᠠᠭ ᠪᠤᠯᠵᠠᠢ᠂ ᠪᠤᠭᠤᠷᠰᠤᠭ ᠬᠠᠩᠨᠠᠬᠤ ᠳᠤ ᠪᠠᠨ ᠭᠤᠤᠯᠳᠠᠭᠤ ᠦᠬᠡᠷ ᠤᠨ ᠠᠷᠭᠠᠯ ᠲᠦᠯᠡᠳᠡᠭ᠂ ᠤᠴᠢᠷ ᠨᠢ ᠦᠬᠡᠷ ᠤᠨ ᠠᠷᠭᠠᠯ ᠤᠩᠭᠤᠤᠠᠴᠤ ᠨᠤᠴᠤᠬᠤ ᠨᠢ ᠤᠳᠠᠭᠠᠪᠳᠤᠷ ᠪᠠᠶᠢᠳᠠᠭ ᠢᠶᠠᠷ ᠢᠶᠠᠨ ᠭᠠᠯ ᠤᠨ ᠭᠦᠴᠤ ᠶᠢ ᠲᠡᠩᠴᠡᠭᠦᠯᠭᠦ ᠳᠤ ᠠᠮᠠᠷᠬᠠᠨ᠂ ᠨᠠᠮᠤᠭᠤᠬᠠᠨ ᠭᠠᠯ ᠬᠠᠨᠭ᠍ᠨᠠᠬᠤ ᠳᠤ ᠡᠪᠳᠠᠢ ᠪᠠᠶᠢᠳᠠᠭ᠃ ᠪᠠᠰᠠ ᠦᠭᠡᠷᠭᠡᠢ ᠮᠤᠳᠤ ᠬᠤᠵᠤᠤᠯᠠᠩ ᠢ ᠴᠤ ᠭᠡᠷᠡᠭᠯᠡᠳᠡᠭ᠂  ᠰᠢᠪᠠᠭ ᠲᠦᠯᠡᠭᠡ ᠵᠡᠷᠭᠡ ᠭᠢᠯᠪᠡᠷ ᠨᠤᠴᠤᠳᠠᠭ ᠲᠦᠯᠡᠰᠢ ᠶᠢ ᠲᠠᠮᠢ ᠭᠡᠷᠡᠭᠯᠡᠳᠡᠭ ᠦᠬᠡᠢ᠂ ᠢᠩᠭᠢᠵᠦ ᠬᠠᠩᠨᠠᠵᠦ ᠪᠤᠯᠭᠤᠬᠰᠠᠨ ᠪᠤᠭᠤᠷᠰᠤᠭ ᠢᠶᠠᠨ ᠰᠠᠰᠤ ︵ᠰᠠᠪᠰᠠᠯᠠᠬᠰᠠᠨ ᠪᠤᠭᠤᠷᠰᠤᠭ︶ ᠭᠡᠵᠦ ᠨᠡᠷᠡᠯᠡᠳᠡᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号