ᠠᠮᠢᠳᠤᠷᠠᠯ ᠤᠨ ᠶᠤᠰᠤ ᠵᠠᠩᠰᠢᠯ
ᠨᠡᠶᠢᠲᠡᠯᠡᠭᠰᠡᠨ ᠴᠠᠭ᠄
2019/11/27
ᠴᠠᠭᠠᠨ ᠰᠠᠷ᠎ᠠ ᠪᠤᠯᠪᠠᠯ ᠠᠬᠠᠮᠠᠳ ᠨᠠᠰᠤᠳᠠᠳ ᠲᠤ ᠳᠠᠷᠠᠭᠠᠯᠠᠨ ᠬᠠᠳᠠᠭ ᠪᠠᠷᠢᠨ ᠵᠤᠯᠭᠠᠳᠠᠭ᠃ ᠵᠤᠴᠢᠨ ᠢᠷᠡᠪᠡᠯ ᠬᠠᠰᠢᠶ᠎ᠠ ᠡᠬᠦᠲᠡᠨ ᠭᠠᠳᠠᠨ᠎ᠠ ᠪᠠᠨ ᠬᠦᠷᠴᠦ ᠤᠭᠳᠤᠨ ᠠᠪᠳᠠᠭ᠂ ᠶᠠᠪᠤᠬᠤ ᠦᠶ᠎ᠡ ᠳᠤᠨᠢ ᠬᠠᠰᠢᠶ᠎ᠠ ᠡᠬᠦᠲᠡᠨ ᠭᠠᠳᠠᠨ᠎ᠠ ᠪᠠᠨ ᠭᠠᠷᠴᠤ ᠮᠤᠷᠳᠠᠭᠤᠯᠳᠠᠭ᠃ ᠢᠷᠡᠭᠰᠡᠨ ᠵᠤᠴᠢᠨ ᠤᠨᠤᠭ᠎ᠠ ᠲᠠᠢ ᠪᠤᠯ ᠤᠨᠤᠭ᠎ᠠ ᠶᠢ ᠨᠢ ᠳᠤᠰᠤᠨ ᠠᠪᠴᠤ ᠤᠶᠠᠭ᠎ᠠ ᠲᠡᠭᠡᠷ᠎ᠡ ᠤᠶᠠᠵᠤ ᠠᠴᠢᠶ᠎ᠠ ᠬᠦᠰᠭᠡ ᠶᠢ ᠨᠢ ᠪᠠᠭᠤᠯᠭᠠᠨ ᠭᠡᠷ ᠲᠤ ᠠᠪᠴᠤ ᠣᠷᠤᠳᠠᠭ᠂ ᠶᠠᠪᠤᠬᠤ ᠦᠶ᠎ᠡ ᠳᠤ ᠤᠨᠤᠭ᠎ᠠ ᠶᠢ ᠨᠢ ᠡᠮᠡᠭᠡᠯᠯᠡᠵᠦ ᠠᠴᠢᠶ᠎ᠠ ᠬᠦᠰᠭᠡ ᠶᠢ ᠨᠢ ᠠᠴᠢᠵᠤ ᠤᠶᠠᠭ᠎ᠠ ᠠᠴᠠ ᠠᠯᠳᠠᠷᠠᠭᠠᠵᠤ ᠵᠤᠴᠢᠨ ᠳᠤ ᠴᠤᠯᠪᠤᠭᠤᠷ ᠢ ᠨᠢ ᠠᠳᠬᠤᠭᠤᠯᠵᠤ ᠮᠤᠷᠳᠠᠭᠤᠯᠳᠠᠭ᠃ ᠬᠠᠷᠢᠯᠴᠠᠨ ᠠᠭᠤᠯᠵᠠᠪᠠᠯ ᠨᠠᠰᠤ ᠲᠡᠭᠦᠦ ᠪᠤᠶᠤ ᠦᠶ᠎ᠡ ᠳᠤᠤᠷ᠎ᠠ ᠨᠢ ᠡᠪᠦᠲᠦᠭ ᠳᠠᠷᠤᠨ ᠠᠮᠤᠷ ᠠᠰᠠᠭᠤᠳᠠᠭ᠃ ᠬᠤᠭᠤᠯᠨ ᠪᠤᠳᠠᠭ᠎ᠠ ᠢᠲᠡᠬᠦ ᠦᠶ᠎ᠡ ᠳᠤ ᠤᠷᠢᠳᠠᠪᠠᠷ ᠠᠬᠠᠮᠠᠳ ᠨᠠᠰᠤᠳᠠᠳ ᠲᠠᠭᠠᠨ ᠲᠡᠭᠡᠵᠢ ᠶᠢ ᠠᠶᠠᠭᠠᠯᠠᠨ ᠪᠠᠷᠢᠵᠤ ᠳᠠᠷᠠᠭ᠎ᠠ ᠨᠢ ᠰᠠᠶ᠋ᠢ ᠬᠡᠦᠬᠡᠳ ᠦᠷ᠎ᠡ ᠠᠴᠢᠷ ᠨᠢ ᠠᠶᠠᠭᠠᠯᠠᠨ ᠠᠪᠳᠠᠭ᠃ ᠠᠷᠢᠬᠢ ᠳᠠᠷᠠᠰᠤ ᠣᠤᠭᠤᠬᠤ ᠳᠤ ᠤᠷᠢᠳᠠᠪᠠᠷ ᠠᠬᠠᠮᠠᠳ ᠨᠠᠰᠤᠳᠠᠳ ᠲᠠᠭᠠᠨ ᠬᠡᠮᠨᠡᠵᠦ ᠳᠠᠷᠠᠭ᠎ᠠ ᠨᠢ ᠰᠠᠶ᠋ᠢ ᠬᠤᠪᠢ ᠪᠠᠷ ᠢᠶᠠᠨ ᠲᠦᠭᠦᠷᠭᠡᠨ ᠠᠪᠳᠠᠭ᠃ ᠠᠷᠢᠬᠢ ᠪᠠᠷᠢᠬᠤ ᠳᠠᠭᠠᠨ ᠬᠤᠨᠳᠠᠭ᠎ᠠ ᠪᠠᠨ ᠪᠠᠷᠠᠭᠤᠨ ᠠᠯᠠᠭᠠᠨ ᠤ ᠳᠤᠮᠳᠠ ᠬᠤᠷᠤᠭᠤᠨ ᠲᠡᠭᠡᠷ᠎ᠡ ᠪᠠᠨ ᠳᠠᠯᠪᠢᠵᠦ ᠡᠷᠡᠭᠡᠢ ᠬᠤᠷᠤᠭᠤ ᠪᠠᠨ ᠬᠤᠨᠳᠠᠭᠠᠨ ᠢᠷᠮᠡᠭ ᠠᠴᠠ ᠵᠢᠭᠠᠬᠠᠨ ᠳᠣᠤᠭᠤᠷ ᠪᠠᠶᠢᠯᠭᠠᠵᠣ ᠵᠡᠬᠦᠨ ᠠᠯᠠᠭ᠎ᠠ ᠪᠠᠨ ᠪᠠᠷᠠᠭᠤᠨ ᠠᠯᠠᠭ᠎ᠠ ᠶᠢᠨ ᠳᠣᠤᠭᠤᠷ ᠳᠤᠰᠴᠤ 2 ᠭᠠᠷ ᠢᠶᠠᠨ ᠰᠣᠩᠭᠠᠨ ᠪᠠᠶ᠎ᠠ ᠪᠠᠨ ᠮᠡᠬᠦ᠋ᠢᠨ ᠳᠡᠪᠰᠢᠬᠦᠯᠲᠡᠭ᠃ ᠪᠠᠷᠠᠭᠤᠨ ᠭᠠᠷ ᠢᠶᠠᠷ ᠬᠦᠢᠴᠡᠳᠭᠡᠲᠡᠭ ᠨᠢ ᠪᠠᠷᠠᠭᠤᠨ ᠭᠠᠷ ᠲᠠᠯ᠎ᠠ ᠶᠢ ᠲᠡᠭᠡᠲᠦ ᠲᠠᠯ᠎ᠠ ᠪᠠᠷ ᠦᠵᠡᠲᠡᠭ ᠠᠴᠠ ᠪᠣᠯᠣᠭᠰᠠᠨ ᠪᠠᠶᠢᠭ᠎ᠠ᠃ ᠬᠤᠶᠠᠷ ᠭᠠᠷ ᠢᠶᠠᠷ ᠪᠡᠶ᠎ᠡ ᠮᠡᠬᠦ᠋ᠢᠨ ᠳᠡᠪᠰᠢᠬᠦᠯᠲᠡᠭ ᠨᠢ ᠪᠦᠬᠦ ᠰᠡᠳᠬᠢᠯ ᠢᠶᠠᠷ ᠢᠶᠠᠨ ᠬᠦᠨᠳᠦᠳᠭᠡᠵᠦ ᠪᠠᠶᠢᠭ᠎ᠠ ᠪᠠᠨ ᠢᠯᠡᠳᠬᠡᠵᠦ ᠪᠠᠶᠢᠳᠠᠭ᠃ ᠠᠬᠠᠮᠠᠳᠴᠣᠤᠯ ᠬᠡᠦᠬᠡᠳ ᠲᠡᠬᠦᠦ ᠨᠠᠷ ᠲᠠᠭᠠᠨ ᠠᠷᠢᠬᠢ ᠦᠭᠬᠦ ᠶᠢ ᠠᠷᠢᠬᠢ ᠱᠠᠩᠨᠠᠬᠤ ᠬᠡᠬᠦ ᠪᠣᠶᠣ ᠠᠷᠢᠬᠢ ᠬᠠᠶᠢᠷᠠᠯᠠᠬᠤ ᠬᠡᠵᠦ ᠬᠡᠯᠡᠲᠡᠭ᠃ ᠬᠤᠨᠳᠠᠭ᠎ᠠ ᠮᠥᠷᠬᠦᠬᠦᠯᠬᠦ ᠳᠤ ᠠᠬᠠᠮᠠᠳᠴᠤᠤᠯ ᠲᠠᠢ ᠵᠢᠭᠠᠬᠠᠨ ᠳᠣᠤᠭᠤᠷ ᠮᠥᠷᠬᠦᠬᠦᠯᠵᠦ ᠬᠤᠷᠠᠭᠴᠣᠤᠨ ᠲᠠᠢ ᠪᠠᠨ ᠪᠣᠯ ᠰᠠᠴᠠᠭᠤᠯᠠᠨ ᠮᠥᠷᠬᠦᠬᠦᠯᠲᠡᠭ᠃ ᠠᠷᠢᠬᠢ ᠶᠢ ᠨᠡᠷᠡᠭᠦ ᠪᠤᠶᠤ ᠮᠥᠷᠬᠦᠬᠦᠯᠬᠦ ᠳᠤ ᠪᠦᠷ ᠳᠦᠬᠦᠷᠡᠩ ᠪᠡᠯᠬᠡ ᠶᠢ ᠡᠷᠬᠢᠮᠯᠡᠵᠦ ᠬᠤᠨᠳᠠᠭ᠎ᠠ ᠪᠠᠨ ᠮᠡᠯᠮᠡᠯᠵᠡᠲᠡᠯ᠎ᠡ ᠲᠦᠬᠦᠷᠭᠡᠲᠡᠭ᠃ ᠭᠡᠪᠡᠴᠤ ᠠᠰᠬᠠᠵᠦ ᠴᠠᠯᠬᠢᠭᠤᠯᠬᠤ ᠶᠢ ᠴᠡᠭᠡᠷᠯᠡᠲᠡᠭ᠃ ᠠᠬᠠᠮᠠᠳᠴᠣᠤᠯ ᠳᠤ ᠨᠡᠷᠡᠭᠰᠡᠨ ᠠᠷᠢᠬᠢ ᠪᠠᠨ ︽ᠣᠤᠭᠤᠴᠢᠬ᠎ᠠ︾ ᠬᠡᠵᠦ ᠱᠠᠯᠠᠳᠠᠭ ᠦᠬᠡᠢ ᠬᠠᠷᠢᠨ ︽ᠪᠠᠯᠭᠤᠨ᠎ᠠ ᠤᠤ ᠂ ᠳᠤᠭᠳᠠᠭᠠᠨ᠎ᠠ ᠤᠤ᠂ ᠠᠮᠰᠠᠨ᠎ᠠ ᠤᠤ︕︾ ᠬᠡᠵᠦ ᠬᠦᠰᠡᠳᠡᠭ ᠶᠣᠮ ᠡ᠃ ᠠᠬᠠᠮᠠᠳᠴᠣᠤᠯ ᠤᠨ ᠱᠠᠩᠨᠠᠭᠰᠠᠨ ᠠᠷᠢᠬᠢ ᠶᠢ ᠴᠤ ᠭᠡᠰᠡᠨ᠂ ᠮᠥᠷᠬᠦᠬᠦᠯᠥᠭᠰᠡᠨ ᠠᠷᠢᠬᠢ ᠶᠢ ᠴᠦ ᠭᠡᠰᠡᠨ᠂ ᠬᠡᠮᠨᠡᠭᠰᠡᠨ ᠠᠷᠢᠬᠢ ᠶᠢ ᠴᠤ ᠭᠡᠰᠡᠨ ᠶᠣᠰᠤᠨ ᠳᠠᠭᠠᠨ ᠪᠦᠬᠦᠨ ᠢ ᠪᠠᠯᠭᠤᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号