ᠴᠠᠭᠠᠨ ᠰᠠᠷ᠎ᠠ ᠶᠢᠨ ᠬᠤᠤᠰ ᠤᠶᠠᠩᠭ᠎ᠠ
ᠨᠡᠶᠢᠲᠡᠯᠡᠭᠰᠡᠨ ᠴᠠᠭ᠄
2019/11/27
ᠡᠵᠡᠨ ᠴᠢᠩᠭᠢᠰ ᠤᠨ ᠢᠪᠡᠭᠡᠯ ᠢᠶᠠᠷ ᠡ᠊ᠩᠬᠡ ᠵᠢᠷᠭᠠᠬᠤ ᠡᠭᠦᠳᠡ ᠡᠪᠦᠭᠡ ᠲᠡᠭᠡᠳᠦᠰ ᠤᠨ ᠵᠢᠷᠤᠮᠯᠠᠯ ᠢᠶᠠᠷ ᠮᠦᠩᠭᠡ ᠲᠡᠭᠵᠢᠷᠡᠭᠦ ᠭᠤᠯᠤᠮᠳᠠ ᠨᠤᠳᠤᠭ ᠭᠤᠯᠤᠮᠳᠠ ᠮᠦᠩᠭᠡ ᠪᠤᠭᠳᠠ ᠶᠢᠨ ᠰᠤᠷᠭᠠᠯ ᠢ ᠵᠢᠷᠤᠮᠯᠠᠭᠰᠠᠨ ᠪᠤᠶᠠᠨ ᠢᠪᠡᠭᠡᠯᠳᠤ ᠡᠭᠦᠳᠡ ᠪᠤᠭᠤᠷᠤᠯ ᠤᠨ ᠭᠡᠰᠢᠭ ᠢ ᠲᠡᠭᠡᠳᠦᠯᠡᠭᠰᠡᠨ ᠦᠯᠵᠡᠢ ᠬᠡᠶᠢᠮᠤᠷᠢᠳᠤ ᠬᠠᠭᠠᠯᠭ᠎ᠠ ᠦᠯᠵᠡᠢ ᠬᠤᠳᠤᠭ ᠤᠷᠤᠰᠢ ᠭᠤᠷᠪᠠᠨ ᠤᠳᠤᠨ ᠢᠪᠡᠭᠡᠨ ᠰᠤᠶᠤᠷᠬᠠᠭᠰᠠᠨ ᠲᠠᠩᠰᠤᠭ ᠵᠢᠷᠭᠠᠯᠳᠤ ᠡᠭᠦᠳᠡ ᠭᠤᠯᠤᠮᠳᠠ ᠶᠢᠨ ᠭᠡᠰᠢᠭ ᠦᠨᠡᠳᠡ ᠲᠡᠯᠭᠡᠷᠡᠭᠰᠡᠨ ᠲᠦᠮᠡᠨ ᠦᠯᠵᠡᠶᠢᠳᠤ ᠬᠠᠭᠠᠯᠭ᠎ᠠ ᠪᠤᠶᠠᠨ ᠬᠤᠷᠠᠬᠤ ᠡᠭᠦᠳᠡ ᠬᠦᠬᠦᠤᠷ ᠬᠠᠳᠠᠭ ᠤᠨ ᠰᠤᠯᠢᠯᠴᠠᠭ᠎ᠠ ᠬᠦᠨᠳᠦ ᠶᠢᠨ ᠶᠤᠰᠤ ᠶᠢᠨ ᠡᠷᠬᠢᠮᠯᠡᠯ ᠬᠦᠨᠳᠦ ᠬᠦᠩᠭᠡᠨ ᠤ ᠲᠠᠭᠤᠳᠠᠯᠭ᠎ᠠ ᠬᠦᠮᠦᠨᠴᠢ ᠰᠤᠷᠳᠠᠯ ᠤᠨ ᠪᠡᠶᠡᠯᠡᠯ ᠮᠤᠩᠭᠤᠯ ᠶᠤᠰᠤ ᠰᠠᠶᠢᠬᠠᠨ ᠠᠰᠢᠭ ᠤᠷᠤᠯᠭ᠎ᠠ ᠠᠷᠪᠢᠵᠢᠨ ᠨᠡᠮᠡᠭᠳᠡᠬᠦ ᠠᠷᠢᠭᠤᠨ ᠴᠠᠭᠠᠨ ᠦᠢᠯᠡᠰ ᠠᠯᠤᠰ ᠤᠨ ᠬᠦᠭᠵᠢᠯ ᠲᠤᠷᠠᠶᠢᠨ ᠬᠠᠷᠠᠭᠳᠠᠭ᠎ᠠ ᠭᠡᠭᠡᠨ ᠰᠠᠷᠠᠭᠤᠯ ᠨᠤᠳᠤᠭ ᠰᠢᠨᠵᠢ ᠪᠡᠯᠭᠡ ᠪᠦᠷᠢᠨ ᠡᠳᠤᠷ ᠪᠦᠷᠢ ᠰᠠᠷ᠎ᠠ ᠪᠦᠷᠢ ᠦᠯᠡᠮᠵᠢ ᠤᠷᠤᠯᠭ᠎ᠠ ᠶᠢᠨ ᠭᠡᠰᠢᠭ ᠲᠠᠢ ᠦᠢᠯᠡᠰ ᠤᠨ ᠰᠠᠶᠢᠬᠠᠨ ᠤᠴᠠᠷᠠᠯ ᠪᠦᠷᠢ ᠦᠭᠡᠳᠡᠯᠡᠯ ᠲᠡᠭᠵᠢᠷᠡᠯ ᠤᠨ ᠪᠡᠯᠭᠡ ᠲᠠᠢ ᠬᠡᠶᠢᠮᠤᠷᠢ ᠰᠦᠯᠳᠡ ᠪᠠᠳᠠᠷᠠ ᠲᠠᠩᠰᠤᠭ ᠢᠳᠡᠭᠡᠨ ᠲᠠᠪᠠᠭ ᠲᠦᠭᠦᠷᠡᠩ ᠮᠤᠩᠭᠤᠯ ᠠᠮᠢᠳᠤᠷᠠᠯ ᠤᠨ ᠪᠠᠶᠠᠯᠢᠭ ᠲᠠᠷᠠᠭ ᠠᠶᠢᠷᠠᠭ ᠬᠦᠨᠦᠭ ᠲᠦᠭᠦᠷᠡᠩ ᠮᠠᠯᠵᠢᠯ ᠰᠤᠶᠤᠯ ᠤᠨ ᠭᠠᠶᠢᠬᠠᠮᠰᠢᠭ ᠪᠠᠶᠠᠨ ᠪᠤᠶᠠᠨ ᠠᠷᠪᠢᠨ ᠠᠷᠢᠭᠤᠨ ᠰᠠᠨᠠᠭ᠎ᠠ ᠢᠪᠡᠭᠡᠯ ᠬᠠᠶᠢᠷ᠎ᠠ ᠭᠡᠰᠢᠭ ᠪᠤᠶᠠᠨ ᠢ ᠨᠡᠮᠡᠭᠳᠡᠭᠦᠯᠦᠨᠡᠮ ᠠᠴᠢᠯᠠᠯ ᠡᠨᠡᠷᠢᠯ ᠶᠤᠰᠤ ᠵᠢᠷᠤᠮ ᠨᠠᠰᠤᠨ ᠬᠤᠳᠤᠭ ᠢ ᠤᠷᠳᠤᠳᠬᠠᠨᠠᠮ ᠰᠠᠶᠢᠨ ᠰᠠᠨᠠᠭ᠎ᠠ ᠪᠤᠶᠠᠨ ᠬᠤᠷᠦ᠋ᠢᠯᠠᠨᠠᠮ ᠦᠯᠵᠡᠢ ᠬᠤᠳᠤᠭ ᠤᠨ ᠬᠤᠷ᠎ᠠ ᠪᠠᠭᠤᠭᠠᠳ ᠡᠳᠤᠷ ᠪᠦᠷᠢ ᠠᠮᠤᠭᠤᠯᠠᠩ ᠦᠨᠢᠷ ᠬᠦᠭᠵᠢᠯ ᠤᠨ ᠪᠤᠶᠠᠨ ᠢᠪᠡᠭᠡᠭᠡᠳ ᠰᠠᠷ᠎ᠠ ᠪᠦᠷᠢ ᠵᠢᠷᠭᠠᠯᠠᠩ ᠪᠤᠶᠠᠨ ᠬᠤᠳᠤᠭ ᠤᠷᠤᠰᠢ ᠲᠦᠮᠡᠨ ᠤᠯᠠᠨ ᠤ ᠢᠪᠡᠭᠡᠯ ᠬᠠᠶᠢᠷ᠎ᠠ ᠪᠠᠷ ᠪᠤᠶᠠᠨ ᠬᠤᠷᠠᠬᠤ ᠪᠠᠶᠠᠷ ᠲᠦᠷᠦᠯ ᠰᠠᠳᠤᠨ ᠤ ᠢᠷᠦᠭᠡᠯ ᠵᠦᠩᠨᠡᠯ ᠢᠶᠠᠷ ᠭᠡᠰᠢᠭ ᠨᠡᠮᠡᠭᠳᠡᠬᠦ ᠨᠠᠶᠢᠷ ᠦᠯᠵᠡᠢ ᠭᠡᠰᠢᠭ ᠲᠡᠯᠭᠡᠷᠡ ᠦᠯᠵᠡᠢ ᠬᠤᠳᠤᠭ ᠤᠨ ᠬᠤᠷ᠎ᠠ ᠪᠠᠭᠤᠭᠰᠠᠨ ᠤᠯᠠᠮᠵᠢᠯᠠᠯᠳᠤ ᠬᠤᠷᠢᠮ ᠨᠠᠶᠢᠷ ᠦᠷᠭᠡᠨ ᠲᠦᠷᠦᠯ ᠤᠨ ᠭᠡᠰᠢᠭ ᠢᠪᠡᠭᠡᠭᠰᠡᠨ ᠦᠯᠵᠡᠢ ᠪᠡᠯᠭᠡᠳᠤ ᠪᠠᠶᠠᠷ ᠦᠨᠢ ᠮᠦᠩᠭᠡ ᠶᠢᠨ ᠲᠤᠷᠠᠳᠬᠠᠯ ᠰᠠᠶᠢᠨ ᠦᠢᠯᠡᠰ ᠰᠠᠨᠠᠭ᠎ᠠ ᠪᠠᠷ ᠵᠠᠶᠠᠭᠠᠬᠤ ᠬᠤᠪᠢ ᠢᠷᠤᠭᠡᠯᠳᠤ ᠡᠭᠦᠳᠡ ᠰᠠᠨᠠᠭ᠎ᠠ ᠰᠡᠳᠬᠢᠯ ᠲᠦᠭᠦᠷᠡᠩ ᠵᠢᠷᠭᠠᠬᠤ ᠮᠦᠩᠭᠡ ᠰᠠᠭᠤᠷᠢᠰᠢᠬᠤ ᠭᠤᠯᠤᠮᠳᠠ ᠰᠢᠨᠵᠢ ᠲᠡᠭᠦᠰ ᠨᠤᠳᠤᠭ ᠰᠢᠵᠢᠷ ᠦᠢᠯᠡᠰ ᠤᠨ ᠭᠠᠨᠵᠤᠭ᠎ᠠ ᠲᠦᠭᠦᠷᠡᠩ ᠪᠡᠴᠢᠨ ᠵᠢᠯ ᠢᠶᠠᠨ ᠦᠳᠠᠨᠠᠮ ᠰᠢᠨ᠎ᠡ ᠡᠭᠦᠳᠦᠯᠳᠡ ᠶᠢᠨ ᠪᠦᠳᠦᠭᠡᠯ ᠤᠪᠤᠭᠠᠷᠠᠬᠤ ᠲᠠᠬᠢᠶ᠎ᠠ ᠵᠢᠯ ᠢᠶᠠᠨ ᠤᠭᠳᠤᠨᠠᠮ ᠰᠢᠨ᠎ᠡ ᠬᠠᠪᠤᠷ ᠤᠨ ᠭᠦᠭᠵᠢᠯ ᠦᠳᠡᠯᠤᠰᠢ ᠦᠭᠡᠢ ᠦᠯᠵᠡᠢ ᠤᠷᠳᠤ ᠨᠠᠰᠤᠨ ᠬᠤᠳᠤᠭ ᠢ ᠵᠠᠶᠠᠭᠠᠨᠠᠮ ᠦᠭᠡᠶᠢᠷᠡᠰᠢ ᠦᠭᠡᠢ ᠪᠠᠶᠠᠨ ᠡᠯᠪᠡᠭ ᠭᠡᠰᠢᠭ ᠪᠤᠶᠠᠨ ᠢ ᠢᠪᠡᠭᠡᠨᠡᠮ ᠤᠳᠠᠭᠠᠨ ᠵᠢᠷᠭᠠᠬᠤ ᠪᠤᠯᠳᠤᠭᠠᠢ ᠦᠷᠡᠵᠢᠯᠳᠤ ᠰᠦᠷᠦᠭ ᠤᠨ ᠦᠶᠦᠭ ᠲᠤᠯᠠᠭᠠᠨ ᠦᠯᠦᠭᠡᠢ ᠦᠩᠰᠢᠭ ᠠᠮᠢᠳᠤᠷᠠᠯ ᠤᠨ ᠦᠨᠢᠳᠡ ᠪᠠᠳᠤ ᠰᠠᠭᠤᠷᠢ ᠭᠡᠰᠢᠭ ᠪᠤᠶᠠᠨ ᠲᠡᠯᠭᠡᠷᠡ ᠮᠠᠯ ᠰᠦᠷᠦᠭ ᠤᠨ ᠮᠠᠶᠢᠯᠠᠯᠭᠠᠨ ᠮᠠᠯᠵᠢᠬᠤ ᠨᠤᠳᠤᠭ ᠤᠨ ᠬᠡᠶᠢᠮᠤᠷᠢ ᠮᠠᠰᠢᠨ ᠲᠤᠨᠤᠭ ᠤᠨ ᠬᠦᠷᠴᠢᠬᠢᠨᠡᠭᠡᠨ ᠮᠠᠨᠳᠤᠬᠤ ᠦᠢᠯᠡᠰ ᠤᠨ ᠲᠤᠯᠭᠠᠭᠤᠷᠢ ᠲᠠᠪᠤᠨ ᠭᠦᠴᠦᠳᠡᠨ ᠤ ᠨᠢᠭᠳᠠᠷᠠᠯᠳᠤ ᠲᠠᠯ᠎ᠠ ᠶᠢᠨ ᠮᠠᠯᠴᠢᠨ ᠤ ᠬᠡᠶᠢᠮᠤᠷᠢ ᠰᠦᠯᠳᠡ ᠬᠡᠶᠢᠮᠤᠷᠢ ᠲᠤᠭ ᠤᠨ ᠬᠦᠴᠦᠳᠦ ᠨᠠᠮᠢᠷᠠᠭ᠎ᠠ ᠭᠡᠰᠢᠭ ᠪᠤᠶᠠᠨ ᠤ ᠤᠪᠠᠳᠢᠰᠳᠤ ᠲᠠᠯᠠᠯᠭ᠎ᠠ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号