ᠭᠠᠯ ᠳᠠᠬᠢᠬᠤ ᠡᠮᠬᠢ ᠳᠠᠷᠠᠭ᠎ᠠ
ᠨᠡᠶᠢᠲᠡᠯᠡᠭᠰᠡᠨ ᠴᠠᠭ᠄
2019/11/27
           ᠦᠳᠡᠰᠢ ᠰᠢᠷ᠎ᠠ ᠪᠦᠷᠦᠢ ᠳᠠᠰᠤᠷᠠᠵᠦ ᠤᠳᠤ ᠪᠠᠷᠢᠯᠳᠤᠬᠤ ᠦᠶ᠎ᠡ ᠪᠠᠷ ᠳᠤᠯᠭᠠᠨ ᠳᠠᠭᠠᠨ ᠦᠭᠡᠷ ᠤᠨ ᠬᠤᠷ ᠠᠷᠭᠠᠯ ᠵᠡᠷᠭᠡᠯᠡᠵᠦ᠂ ᠬᠠᠶᠢᠯᠠᠰᠤᠨ ᠮᠤᠳᠤ ᠪᠠᠨ ᠳᠤᠯᠭᠠᠨ ᠤ ᠪᠠᠨ ᠬᠠᠵᠠᠭᠤ ᠳᠤ ᠵᠡᠷᠭᠡᠯᠡᠨ ᠳᠠᠯᠪᠢᠵᠦ᠂ ᠳᠤᠯᠭᠠᠨ ᠤ ᠶᠠᠨᠳᠠᠷ ︵ᠪᠠᠰᠠ ᠬᠦᠷᠢᠶ᠎ᠡ᠂ ᠬᠡᠶᠡᠩ ᠭᠡᠳᠡᠭ︶ ᠤᠨ ᠳᠤᠳᠤᠷ᠎ᠠ ᠳᠤᠭᠤᠷᠢᠭᠤᠯᠤᠨ ᠨᠡᠶᠢᠳᠡᠮ ᠳᠤ ᠨᠢ ᠠᠮᠢᠳᠤ ᠰᠢᠷᠤᠢ ︵ᠰᠢᠨ᠎ᠡ ᠰᠢᠷᠤᠢ᠂ ᠴᠡᠪᠨᠷ ᠡᠯᠡᠰᠦ︶ ᠠᠰᠬᠠᠳᠠᠭ᠃ ᠶᠠᠨᠳᠠᠷ ᠤᠨ ᠳᠤᠳᠤᠷ᠎ᠠ ᠳᠠᠯ᠎ᠠ ᠶᠢᠨ ᠲᠦᠷᠪᠡᠨ ᠦᠨᠴᠦᠭ ᠲᠤ ᠤᠩᠭᠠᠰᠤ ᠪᠤᠶᠤ ᠪᠠᠭ᠎ᠠ ᠰᠢᠭ᠋ ᠲᠦᠷᠪᠡᠯᠵᠢᠯᠡᠨ ᠵᠦᠰᠦᠭᠰᠡᠨ ᠴᠠᠭᠠᠨ ᠮᠤᠤᠳᠤ ᠴᠠᠭᠠᠰᠤ ᠳᠡᠪᠢᠰᠴᠦ ᠪᠢᠴᠢᠬᠠᠨ ᠳᠠᠪᠠᠭ  ᠲᠠᠢ ᠠᠮᠤᠰᠤᠨ ᠵᠤᠯᠠ ᠪᠠᠨ ᠲᠦᠷᠪᠡᠨ ᠦᠨᠴᠦᠭ ᠲᠤ ᠨᠢ ᠳᠠᠯᠪᠢᠳᠠᠭ᠃ ᠤᠷᠳᠤᠰ᠂ ᠤᠷᠠᠳ᠂ ᠠᠯᠠᠰᠠᠨ ᠳᠤ ᠡᠨᠡ ᠲᠦᠷᠪᠡᠨ ᠠᠮᠤᠰᠤᠨ ᠵᠤᠯᠠᠨ ᠤ ᠳᠤᠤᠷ᠎ᠠ ᠴᠠᠭᠠᠨ ᠨᠤᠤᠰᠤᠨ ᠳᠡᠭᠡᠷ᠎ᠡ ᠪᠢᠴᠢᠬᠠᠨ ᠲᠦᠷᠪᠡᠯᠵᠢᠨ ᠤᠯᠠᠭᠠᠨ ᠴᠠᠭᠠᠰᠤ ᠳᠠᠪᠬᠤᠷᠯᠠᠨ ᠳᠡᠪᠢᠰᠬᠦ ᠪᠤᠶᠤ ᠤᠩᠭᠠᠰᠤ ᠬᠡᠷᠡᠭᠯᠡᠬᠦ ᠦᠭᠡᠢ ᠴᠠᠭᠠᠨ᠂ ᠤᠯᠠᠭᠠᠨ ᠬᠤᠶᠠᠷ ᠦᠩᠭᠡ ᠶᠢᠨ ᠴᠠᠭᠠᠰᠤ ᠳᠡᠪᠢᠰᠳᠡᠭ ᠴᠦ ᠪᠤᠢ᠃ ᠢᠩᠭᠢᠭᠡᠳ ᠳᠠᠪᠤᠨ ᠦᠩᠭᠡ ᠶᠢᠨ ᠡᠮᠦᠰᠭᠡᠯ ᠢᠶᠠᠨ ᠤᠴᠤᠭ ᠤᠨ ᠤᠷᠤᠢ ᠠᠴᠠ ᠡᠯᠬᠦᠳᠡᠭ᠃ ᠦᠵᠦᠮᠦᠴᠢᠨ᠂ ᠪᠠᠭᠠᠷᠢᠨ᠂ ᠬᠡᠰᠢᠭᠳᠡᠨ ᠳᠤ ᠤᠴᠤᠭ ᠠᠴᠠ ᠡᠯᠬᠦᠬᠦ ᠦᠭᠡᠢ ᠳᠤᠯᠭᠠᠨ ᠤ ᠲᠦᠷᠪᠡᠨ ᠤᠴᠤᠭ ᠢ ᠳᠦᠰᠢᠬᠦᠯᠵᠦ ᠳᠠᠯᠪᠢᠳᠠᠭ᠃ ᠵᠠᠷᠢᠮ ᠭᠠᠵᠠᠷ ᠲᠤ ᠳᠤᠯᠭᠠᠨ ᠤ ᠲᠦᠷᠪᠡᠨ ᠤᠴᠤᠭ ᠤᠨ ᠳᠤᠤᠷ᠎ᠠ ᠳᠠᠯ᠎ᠠ ᠳᠤ ᠭᠤᠯᠢᠷ  ᠢᠶᠠᠨ ᠵᠠᠰᠠᠭᠰᠠᠨ ᠪᠠᠯᠢᠩ ᠢᠶᠠᠨ ᠵᠢᠭᠰᠠᠭᠠᠵᠦ ᠳᠠᠯᠪᠢᠳᠠᠭ᠃ ᠦᠵᠦᠮᠦᠴᠢᠨ ᠤ ᠵᠠᠷᠢᠮ ᠠᠶᠢᠯ ᠨᠢ ᠳᠠᠪᠤᠨ ᠬᠤᠰᠢᠭᠤ ᠮᠠᠯ ᠤᠨ ᠳᠦᠷᠰᠦᠳᠡᠢ ᠪᠠᠯᠢᠩ ᠪᠦᠷᠢ ᠳᠤ ᠬᠡᠳᠦᠨ ᠪᠦᠮᠪᠦᠯ ᠬᠢᠵᠦ ᠳᠠᠭᠠᠯᠳᠤᠭᠤᠯᠳᠠᠭ᠃          ᠭᠠᠯ ᠳᠠᠬᠢᠬᠤ ᠬᠦᠮᠦᠰ ᠴᠤᠭᠯᠠᠷᠠᠨ᠂ ᠠᠬᠠᠮᠠᠳ ᠳᠤᠮᠤᠭᠠᠳᠠᠢ ᠨᠢ ᠬᠤᠶᠢᠮᠦᠷ ᠭᠤᠤᠯᠯᠠᠨ ᠰᠠᠭᠤᠵᠦ᠂ ᠪᠦᠰᠡᠶᠢᠴᠤᠤᠯ ᠨᠢ ᠪᠠᠷᠠᠭᠤᠨ ᠳᠠᠯ᠎ᠠ ᠪᠠᠷ᠂ ᠪᠦᠰᠡᠬᠦᠶᠢᠴᠤᠳ ᠨᠢ ᠵᠡᠬᠦᠨ ᠳᠠᠯ᠎ᠠ ᠪᠠᠷ ᠰᠠᠭᠤᠵᠦ᠂ ᠭᠡᠦᠭᠡᠳ ᠰᠢᠤᠬᠠᠳ  ᠢ ᠬᠤᠶᠢᠮᠤᠷ ᠭᠠᠷᠭᠠᠳᠠᠭ ᠦᠭᠡᠢ᠃ ᠭᠠᠯ ᠳᠠᠬᠢᠭᠴᠢ ᠬᠦᠮᠦᠰ ᠳᠡᠪᠡᠯ ᠮᠠᠯᠠᠭᠠᠢ ᠪᠠᠨ ᠳᠡᠷᠢ ᠳᠡᠭᠰᠢ ᠡᠮᠦᠰᠴᠦ᠂ ᠬᠡᠦᠭᠡᠳ ᠪᠠᠭᠠᠴᠤᠳ ᠤᠨ ᠨᠢᠭᠤᠷ ᠭᠠᠷ ᠢ ᠨᠢ ᠤᠬᠢᠶᠠᠵᠦ ᠠᠷᠢᠭᠤᠨ ᠴᠡᠪᠡᠷ ᠪᠠᠶᠢᠬᠤ ᠶᠢ ᠡᠷᠬᠢᠮᠨᠡᠨ᠎ᠡ᠃ ᠭᠠᠯ ᠳᠠᠬᠢᠬᠤ ᠠᠶᠢᠯ ᠤᠨ ᠡᠵᠡᠭᠳᠡᠢ ᠨᠢ ᠳᠤᠯᠤᠭᠠᠢ ᠶᠢᠨ ᠵᠠᠰᠠᠯ ᠢᠶᠠᠨ ᠵᠡᠬᠦᠵᠦ᠂ ᠪᠦᠷᠬᠦ ᠮᠠᠯᠠᠭᠠᠢ ᠪᠠᠨ ᠡᠮᠦᠰᠴᠦ᠂ ᠵᠡᠬᠦᠨ ᠡᠮᠦᠨ᠎ᠡ ᠡᠷᠬᠢᠨᠡᠭ ᠬᠠᠪᠢ ᠳᠤ ᠵᠤᠭᠰᠤᠳᠠᠭ᠃ ᠳᠠᠷᠠᠭ᠎ᠠ ᠨᠢ ᠳᠤᠯᠭᠠᠨ ᠤ ᠡᠮᠦᠨ᠎ᠡ᠂ ᠡᠬᠦᠳᠡᠨ ᠭᠤᠤᠯ ᠳᠤ ᠴᠠᠭᠠᠨ ᠬᠤᠨᠢᠨ ᠠᠷᠠᠰᠤ ᠶᠢ ᠦᠰᠦ ᠶᠢ ᠨᠢ ᠳᠡᠭᠡᠭᠰᠢ ᠬᠠᠷᠠᠭᠤᠯᠵᠦ᠂ ᠳᠤᠯᠤᠭᠠᠢ ᠶᠢ ᠨᠢ ᠳᠤᠯᠭ᠎ᠠ ᠶᠢᠨ ᠵᠦᠭ ᠲᠤ ᠬᠠᠨᠳᠤᠭᠤᠯᠤᠨ ᠳᠡᠪᠢᠰᠴᠦ ︵ᠤᠷᠳᠤᠰ᠂ ᠠᠯᠠᠱᠠᠨ᠂ ᠤᠷᠠᠳ ᠤᠨ ᠭᠡᠰᠡᠭ ᠠᠶᠢᠯ ᠨᠢ ᠴᠠᠭᠠᠨ ᠢᠰᠡᠭᠡᠢ ᠳᠡᠪᠢᠰᠳᠡᠭ︶᠂ ᠠᠷᠠᠰᠤᠨ ᠤ ᠡᠮᠦᠨ᠎ᠡ ᠪᠠᠭ᠎ᠠ ᠰᠢᠷᠡᠭᠡ ᠳᠠᠯᠪᠢᠨ ᠳᠡᠭᠡᠷ᠎ᠡ ᠨᠢ ᠳᠠᠪᠠᠭ ᠲᠠᠢ ᠵᠠᠰᠠᠭᠰᠠᠨ ᠡᠪᠴᠢᠬᠦᠦ ᠶᠢ ᠪᠦᠳᠦᠷᠭᠡᠢ ᠶᠢ ᠨᠢ ᠳᠤᠯᠭ᠎ᠠ ᠦᠭᠡᠳᠡ ᠬᠠᠨᠳᠤᠭᠤᠯᠤᠨ ᠳᠠᠯᠪᠢᠳᠠᠭ᠃ ᠯᠠᠮᠠ ᠪᠠᠶᠢᠪᠠᠯ ᠡᠨᠡ ᠦᠶ᠎ᠡ ᠳᠤ ᠨᠤᠮ ᠤᠩᠰᠢᠵᠦ ᠰᠠᠩ ᠳᠠᠯᠪᠢᠳᠠᠭ᠃ ᠤᠯᠠᠩᠬᠢ ᠠᠶᠢᠯ ᠯᠠᠮᠠ ᠦᠭᠡᠢ ᠪᠤᠯᠬᠤᠷ ᠭᠡᠷ ᠤᠨ ᠡᠵᠡᠨ ᠦᠪᠡᠷ ᠢᠶᠠᠨ ᠤᠳᠤᠯᠭ᠎ᠠ ᠳᠠᠯᠪᠢᠵᠦ ᠭᠠᠯ ᠳᠤᠯᠭ᠎ᠠ ᠪᠠᠨ ᠠᠷᠢᠭᠤᠳᠬᠠᠵᠦ ᠬᠤᠶᠢᠮᠤᠷ ᠰᠠᠭᠤᠭᠰᠠᠨ ᠬᠦᠮᠦᠨ ᠠᠴᠠ ᠡᠬᠢᠯᠡᠨ ᠪᠤᠶᠢᠪᠤᠷ ᠲᠠᠢ ᠤᠳᠤᠯᠭ᠎ᠠ ᠪᠠᠨ ᠳᠠᠮᠵᠢᠭᠤᠯᠵᠦ ᠵᠦᠪ  ᠢᠶᠠᠷ ᠨᠢᠭᠡ ᠡᠷᠬᠢᠬᠦᠯᠵᠦ ᠠᠷᠢᠭᠤᠳᠬᠠᠨ᠎ᠠ᠃          ᠭᠡᠷ ᠤᠨ ᠡᠵᠡᠭᠳᠡᠢ ᠪᠤᠷᠬᠠᠨ ᠳᠠᠭᠠᠨ ᠵᠤᠯᠠ ᠡᠷᠬᠦᠵᠦ᠂ ᠶᠠᠨᠳᠠᠷ ᠤᠨ ᠲᠦᠷᠪᠡᠨ ᠦᠨᠴᠦᠭ ᠲᠠᠬᠢ ᠠᠮᠤᠰᠤᠨ ᠵᠤᠯᠠ  ᠪᠠᠨ ᠡᠷᠬᠦᠭᠡᠳ ᠳᠤᠯᠭᠠᠨ ᠳᠤ ᠵᠡᠷᠭᠡᠯᠡᠭᠰᠡᠨ ᠠᠷᠭᠠᠯ ᠢᠶᠠᠨ ᠨᠤᠴᠤᠭᠠᠨ᠎ᠠ᠃ ᠭᠡᠷ ᠤᠨ ᠡᠵᠡᠨ ᠨᠢ ᠬᠠᠶᠢᠯᠠᠰᠤᠨ ᠮᠤᠳᠤ  ᠪᠠᠨ ᠳᠤᠯᠭᠠᠨ ᠤ ᠤᠴᠤᠭ ᠤᠨ ᠳᠤᠳᠤᠷ᠎ᠠ ᠵᠡᠬᠦᠨᠳᠡᠢ ᠪᠠᠷᠠᠭᠤᠨᠳᠠᠢ ᠨᠢᠭᠡ ᠨᠢᠭᠡ᠂ ᠬᠤᠶᠢᠨ᠎ᠠ ᠡᠮᠦᠨ᠎ᠡ ᠨᠢᠭᠡ ᠨᠢᠭᠡ ᠪᠠᠷ ᠦᠵᠦᠬᠦᠷ ᠢ ᠨᠢ ᠵᠦᠷᠢᠬᠦᠯᠡᠨ ᠭᠤᠷᠪᠠᠨ ᠳᠠᠪᠬᠤᠷ ᠵᠡᠷᠭᠡᠯᠡᠵᠦ ᠳᠠᠯᠪᠢᠭᠠᠳ ᠬᠤᠨᠢᠨ ᠠᠷᠠᠰᠤᠨ ᠳᠡᠭᠡᠷ᠎ᠡ ᠬᠤᠷᠮᠤᠢ ᠪᠠᠨ ᠳᠡᠪᠢᠰᠴᠦ ᠪᠠᠭ᠎ᠠ ᠰᠢᠷᠡᠭᠡᠨ ᠳᠡᠭᠡᠷᠡᠬᠢ ᠡᠪᠴᠢᠬᠦᠦ ᠶᠢ ᠫᠢᠯᠠ ᠶᠢ ᠨᠢ ᠤᠷᠬᠢᠨ ᠰᠦᠪᠡᠷᠭᠡᠳᠡᠰᠦ ᠶᠢᠨ ᠳᠤᠤᠷ᠎ᠠ ᠠᠴᠠ ᠪᠠᠷᠢᠵᠦ ᠪᠦᠳᠦᠷᠭᠡᠢ ᠶᠢ ᠨᠢ ᠳᠤᠯᠭ᠎ᠠ ᠤᠷᠤᠭᠤ ᠬᠠᠨᠳᠤᠭᠤᠯᠤᠨ᠄ ︽ᠠᠢ︕ ᠤᠦ᠂ ᠠᠢ︕︾ ᠭᠡᠵᠦ ᠳᠠᠭᠠᠭ᠎ᠠ ᠶᠠᠳᠠᠵᠦ ᠪᠠᠶᠢᠭ᠎ᠠ ᠲᠦᠷᠢᠯᠡᠨ ᠳᠤᠯᠭᠠᠨ ᠳᠤ ᠰᠠᠭᠤᠯᠭᠠᠵᠦ ᠭᠠᠯ ᠳᠠᠭᠠᠨ ᠭᠤᠷᠪᠠᠨ ᠰᠦᠬᠦᠳᠡᠯ ᠢᠶᠠᠷ ᠶᠢᠰᠦᠨᠳᠡ ᠮᠦᠷᠬᠦᠨ᠎ᠡ᠃ ᠳᠠᠷᠠᠭ᠎ᠠ ᠨᠢ ᠭᠡᠷ ᠤᠨ ᠡᠵᠡᠭᠳᠡᠢ ᠳᠤᠯᠭᠠᠨ ᠤ ᠵᠡᠬᠦᠨ ᠳᠠᠯ᠎ᠠ ᠳᠤ ᠵᠤᠭᠰᠤᠵᠦ ᠵᠡᠬᠦᠨ ᠭᠠᠷ ᠲᠠᠭᠠᠨ ᠳᠤᠰᠤᠭᠠᠯ ᠬᠢᠭᠰᠡᠨ ᠰᠠᠪᠠ ᠪᠠᠷᠢᠵᠦ ᠪᠠᠷᠠᠭᠤᠨ ᠭᠠᠷ ᠲᠠᠬᠢ ᠬᠠᠯᠪᠠᠭᠠᠨ ᠰᠢᠨᠠᠭ᠎ᠠ ᠪᠠᠷ ᠢᠶᠠᠨ ᠳᠤᠰᠤᠭᠠᠯ ᠠᠴᠠ ᠤᠳᠬᠤᠨ ᠠᠪᠴᠦ ᠳᠤᠯᠭᠠᠨ ᠤ ᠵᠡᠬᠦᠨ ᠡᠮᠦᠨ᠎ᠡ ᠠᠴᠠ ᠡᠬᠢᠯᠡᠨ ᠵᠦᠪ ᠢᠶᠠᠷ ᠡᠷᠬᠢᠵᠦ ᠤᠴᠤᠭ ᠲᠤ ᠳᠤᠭᠳᠠᠭᠠᠭᠰᠠᠨ ᠡᠮᠦᠰᠭᠡᠯ ᠳᠤ ᠳᠤᠰᠤᠭᠠᠯ ᠳᠤᠰᠤᠭᠠᠨ᠎ᠠ᠃ ᠦᠭᠡᠬᠦ ᠳᠤᠰᠤ ᠭᠠᠯ ᠲᠠᠢ ᠠᠪᠤᠯᠴᠠᠮᠠᠭᠴᠠ ᠭᠠᠯ ᠤᠨ ᠲᠦᠯᠦ ᠪᠠᠳᠠᠷᠠᠨ ᠭᠡᠷ ᠤᠨ ᠳᠤᠭᠤᠨᠤ ᠳᠤᠯᠬᠤ ᠰᠢᠬᠠᠳᠠᠭ᠃ ᠭᠠᠯ ᠤᠨ ᠳᠦᠯᠦ ᠪᠠᠭ᠎ᠠ ᠨᠠᠮᠵᠢᠬᠤ ᠳᠤ ᠭᠡᠷ ᠤᠨ ᠡᠵᠡᠭᠳᠡᠢ ︵ᠪᠡᠷᠢ ᠪᠠᠭᠤᠯᠭᠠᠭᠰᠠᠨ ᠪᠠᠶᠢᠪᠠᠯ ᠡᠨᠡ ᠠᠵᠢᠯ ᠢ ᠪᠡᠷᠢ ᠨᠢ ᠬᠦᠢᠴᠡᠳᠭᠡᠨ᠎ᠡ︶ ᠭᠠᠯ ᠳᠠᠭᠠᠨ ᠳᠤᠰᠤᠭᠠᠯ ᠨᠡᠮᠡᠬᠦ ᠳᠤ ᠭᠡᠷ ᠤᠨ ᠡᠵᠡᠨ ᠨᠢ ᠰᠠᠭᠤᠳᠠᠯ ᠳᠠᠭᠠᠨ ᠰᠠᠭᠤᠵᠦ ᠭᠠᠯ ᠳᠠᠬᠢᠯᠭ᠎ᠠ ᠶᠢᠨ ᠰᠤᠳᠤᠷ ᠤᠩᠰᠢᠨ᠎ᠡ᠃ ᠡᠨᠡ ᠨᠢ ᠡᠪᠴᠢᠬᠦᠦ ᠡᠷᠬᠦᠵᠦ ᠭᠠᠯ ᠳᠠᠬᠢᠬᠤ ᠵᠠᠩ ᠦᠢᠯᠡ ᠶᠢᠨ ᠨᠢᠭᠡᠨ ᠲᠦᠷᠦᠯ ᠪᠤᠯᠤᠨ᠎ᠠ᠃ ᠨᠤᠳᠤᠭ ᠨᠤᠳᠤᠭ ᠤᠨ ᠬᠤᠭᠤᠷᠤᠨᠳᠤ ᠪᠠᠨ ᠵᠢᠭᠠᠬᠠᠨ ᠵᠦᠷᠢᠶ᠎ᠡ ᠲᠠᠢ ᠪᠤᠯᠪᠠᠴᠦ ᠮᠤᠩᠭᠤᠯᠴᠤᠳ ᠮᠤᠩᠭᠤᠯ ᠭᠡᠷ ᠲᠤ ᠶᠡᠬᠡᠪᠴᠢᠯᠡᠨ ᠡᠶᠢᠨᠬᠦ ᠮᠠᠶ᠋ᠢᠭ ᠢᠶᠠᠷ ᠭᠠᠯ ᠤᠨ ᠳᠠᠬᠢᠯᠭ᠎ᠠ  ᠶᠢᠨ ᠦᠢᠯᠡ ᠶᠢ ᠬᠦᠢᠴᠡᠳᠭᠡᠳᠡᠭ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号