ᠭᠠᠯ ᠳᠡᠬᠢᠯᠭ᠎ᠠ ᠶᠢᠨ ᠠᠷᠪᠠᠠ ᠲᠦᠷᠪᠡᠡ ᠪᠠᠯᠡᠳᠭᠡᠯ
ᠨᠡᠶᠢᠲᠡᠯᠡᠭᠰᠡᠨ ᠴᠠᠭ᠄
2019/11/27
ᠨᠢᠭᠡ᠂ ᠭᠠᠯ ᠳᠠᠬᠢᠯᠭ᠎ᠠ ᠳᠤ ᠬᠡᠷᠡᠭᠯᠡᠬᠦ ᠡᠪᠴᠢᠬᠦᠦ ᠬᠤᠰ ᠪᠠ ᠡᠪᠡᠰᠦ ᠮᠤᠳᠤ᠂ ᠢᠳᠡᠭᠡᠨ ᠤ ᠵᠤᠶᠢᠯ᠂ ᠡᠮᠦᠰᠭᠡᠯ ᠰᠡᠳᠡᠷ ᠢ ᠪᠡᠯᠡᠳᠭᠡᠵᠦ ᠤᠳᠤᠭ᠎ᠠ ᠳᠤᠭᠤᠰᠤ ᠪᠠᠨ ᠱᠦᠬᠦᠷᠳᠡᠨ ᠭᠠᠯ ᠳᠠᠬᠢᠬᠤ ᠪᠠᠷ ᠪᠡᠯᠡᠳᠭᠡᠳᠡᠭ᠃ ᠬᠤᠶᠡᠷ᠂ ᠡᠪᠴᠢᠬᠦᠦ ᠬᠤᠰ ᠪᠡᠯᠡᠳᠭᠡᠬᠦ᠂ ᠡᠪᠦᠯ ᠤᠨ ᠦᠬᠦᠴᠡ ᠭᠠᠷᠭᠠᠬᠤ ᠦᠶᠡᠰ ᠬᠠᠮᠠᠭᠤ ᠬᠢᠵᠢᠭ ᠬᠦᠷᠳᠡᠭᠰᠡᠨ ᠦᠭᠡᠢ᠂ ᠴᠢᠨ᠋ᠸ᠎ᠠ ᠨᠤᠬᠠᠢ ᠳᠤ ᠬᠠᠵᠠᠭᠳᠠᠭᠰᠠᠨ ᠦᠭᠡᠢ ᠴᠠᠭᠠᠨ ᠪᠤᠶᠤ ᠬᠠᠯᠵᠠᠨ ᠬᠤᠨᠢ ᠶᠢ ᠠᠯᠠᠵᠦ ᠡᠪᠴᠢᠬᠦᠦ ᠪᠠ ᠬᠤᠰ ᠢ ᠨᠢ ᠭᠠᠯ ᠳᠠᠬᠢᠯᠭ᠎ᠠ ᠳᠤ ᠬᠡᠷᠡᠭᠯᠡᠬᠦ ᠪᠠᠷ ᠪᠡᠯᠡᠳᠭᠡᠳᠡᠭ᠃ ᠭᠤᠷᠪᠡ᠂ ᠡᠪᠡᠰᠦ ᠮᠤᠳᠤ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠬᠦ ᠬᠠᠶᠢᠯᠠᠰᠤᠨ ᠮᠤᠳᠤ ᠪᠠ ᠬᠢᠯᠭᠠᠨ᠎ᠠ᠂ ᠲᠦᠷᠸᠠ ︵ᠦᠯᠦᠩ ᠴᠠᠭᠠᠨ︶ ᠳᠡᠬᠦᠵᠦ ᠪᠡᠯᠡᠳᠭᠡᠳᠡᠭ᠃ ᠲᠦᠷᠪᠡ᠂ ᠭᠠᠯ ᠤᠨ ᠳᠤᠭᠤᠰᠤ ᠬᠦᠪᠢᠬᠦ ᠶᠤᠰᠤᠨ ᠭᠠᠯ ᠳᠠᠬᠢᠬᠤ ᠡᠳᠦᠷ ᠡᠷᠳᠡᠯᠡᠨ ᠮᠠᠯ ᠢᠶᠠᠨ ᠪᠡᠯᠴᠢᠭᠡᠭᠡᠳ ᠭᠡᠷ ᠤᠨ ᠡᠳ᠋ᠯᠡᠯ ᠬᠡᠷᠡᠭᠰᠡᠯ᠂ ᠬᠦᠷᠢᠶ᠎ᠠ ᠬᠠᠰᠢᠶ᠎ᠠ᠂ ᠭᠡᠷ ᠤᠨ ᠤᠶᠢᠷ᠎ᠠ ᠬᠠᠪᠢ ᠶᠢᠨ ᠢᠶᠠᠨ ᠤᠳᠤᠭ᠎ᠠ ᠳᠤᠭᠤᠰᠤ ᠶᠢ ᠨᠢ ᠬᠦᠪᠢᠵᠦ ᠴᠡᠪᠡᠷᠯᠡᠬᠦ᠂ ᠵᠠᠷᠢᠮ ᠭᠠᠵᠠᠷ ᠲᠤ ᠪᠠᠰᠠ ᠤᠳᠤᠭ᠎ᠠ ᠱᠦᠬᠦᠷᠳᠡᠬᠦ ᠭᠡᠳᠡᠭ᠃ ᠳᠡᠪᠤ᠂ ᠤᠳᠠᠰᠤ ᠡᠭᠡᠷᠡᠬᠦ ᠶᠤᠰᠤᠨ ᠭᠠᠯ ᠤᠨ ᠡᠪᠴᠢᠬᠦᠦ ᠵᠠᠰᠠᠬᠤ ᠳᠤ ᠬᠡᠷᠡᠭᠯᠡᠬᠦ ᠤᠩᠭᠠᠰᠤᠨ ᠤᠳᠠᠰᠤ ᠶᠢ ᠡᠭᠡᠷᠡᠵᠦ ᠪᠡᠯᠡᠳᠭᠡᠳᠡᠭ᠃ ᠵᠢᠷᠭᠤᠭ᠎ᠠ᠂ ᠡᠪᠴᠢᠬᠦᠦ ᠵᠠᠰᠠᠬᠤ ᠶᠤᠰᠤᠨ ᠭᠠᠯ ᠳᠠᠬᠢᠯᠭ᠎ᠠ ᠳᠤ ᠬᠡᠷᠡᠭᠯᠡᠬᠦ ᠡᠪᠴᠢᠬᠦᠨ ᠤ ᠮᠢᠬ᠎ᠠ ᠶᠢ ᠱᠤᠯᠤᠨ ᠰᠠᠯᠭᠠᠵᠦ ᠨᠤᠤᠰᠤᠨ ᠤᠳᠠᠰᠤ ᠪᠠᠷ ᠤᠷᠢᠶᠠᠨ ᠳᠠᠬᠢᠯᠭ᠎ᠠ ᠳᠤ ᠬᠡᠷᠡᠭᠯᠡᠬᠦ ᠪᠠᠷ ᠪᠡᠯᠡᠳᠭᠡᠳᠡᠭ᠃ ᠳᠤᠯᠤᠭ᠎ᠠ᠂ ᠳᠠᠯᠠᠯᠭᠠᠨ ᠭᠡᠰᠢᠭ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠳᠡᠭ ᠳᠠᠯᠠᠯᠭᠠᠨ ᠰᠠᠭᠤᠯᠭ᠎ᠠ ᠳᠤ ᠡᠪᠴᠢᠬᠦᠨ ᠤ ᠭᠡᠷᠰᠡᠩ᠂ ᠴᠤᠷᠤᠢ ᠶᠢᠨ ᠮᠢᠬ᠎ᠠ᠂ ᠱᠠᠭᠠᠨᠳᠤ᠂ ᠲᠦᠷᠪᠡᠨ ᠦᠨᠳᠦᠷ ᠵᠡᠷᠭᠡ ᠶᠢ ᠬᠢᠵᠦ ᠳᠠᠬᠢᠯᠭ᠎ᠠ ᠳᠤ ᠪᠡᠯᠡᠳᠭᠡᠳᠡᠭ᠃ ᠨᠠᠢᠮᠨ᠂ ᠠᠮᠤᠰᠤ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠬᠦ ᠮᠢᠬ᠎ᠠ ᠴᠢᠨᠠᠭᠰᠠᠨ ᠱᠦᠯᠦᠨ ᠳᠤ ᠠᠭᠠᠷᠤᠤᠯ᠂ ᠴᠢᠪᠠᠭ᠎ᠠ᠂ ᠪᠤᠷᠠᠮ᠂ ᠰᠢᠷ᠎ᠠ ᠳᠤᠰᠤ ᠬᠢᠵᠦ ᠨᠠᠷᠢᠮᠤ᠂ ᠮᠤᠩᠭᠤᠯ ᠠᠮᠤ ᠪᠤᠶᠤ ᠳᠤᠳᠤᠷᠭ᠎ᠠ ᠪᠠᠷ ᠠᠭᠰᠢᠭᠠᠭᠰᠠᠨ ᠪᠤᠳᠠᠭ᠎ᠠ ᠴᠢᠨᠠᠳᠠᠭ᠃ ᠶᠢᠰᠤ᠂ ᠳᠤᠰᠤᠭᠠᠯ ᠪᠡᠯᠡᠳᠭᠡᠬᠦ ᠶᠤᠰᠤᠨ ᠭᠠᠯ ᠳᠠᠬᠢᠬᠤ ᠳᠠᠭᠠᠨ ᠭᠠᠯ ᠤᠨ ᠲᠦᠯᠦ ᠶᠢ ᠬᠦᠭᠵᠢᠬᠡᠬᠦ ᠪᠠᠷ ᠭᠠᠯ ᠳᠤ ᠳᠤᠰᠤᠭᠠᠳᠠᠭ ᠰᠠᠷᠬᠤᠳ᠂ ᠳᠤᠰᠤ᠂ ᠬᠠᠯᠢᠮ ᠦᠭᠡᠬᠦ ᠶᠢ ᠬᠤᠳᠬᠤᠵᠦ ᠬᠤᠯᠢᠭᠰᠠᠨ ᠡᠳ᠋ ᠢ ᠪᠡᠯᠡᠳᠭᠡᠳᠡᠭ᠃ ᠳᠤᠰᠤᠭᠠᠯ ᠢ ᠪᠠᠰᠠ ︽ᠰᠢᠵᠢᠮ︾᠂ ︽ᠰᠢᠳᠠᠮ︾ ᠭᠡᠬᠦ ᠮᠡᠳᠦ ᠪᠠᠷ ᠨᠡᠷᠡᠯᠡᠳᠡᠭ᠃ ᠠᠷᠪᠠ᠂ ᠡᠮᠦᠰᠬᠡᠯ ᠪᠡᠯᠡᠳᠭᠡᠬᠦ ᠶᠤᠰᠤᠨ ᠳᠤᠯᠭᠠᠨ ᠤ ᠤᠴᠤᠭ ᠲᠤ ᠡᠯᠬᠦᠬᠦ ᠪᠤᠶᠤ ᠭᠠᠯ ᠳᠠᠬᠢᠯᠭ᠎ᠠ ᠳᠤ ᠬᠡᠷᠡᠭᠯᠡᠬᠦ ᠬᠦᠭᠡ᠂ ᠴᠠᠭᠠᠨ᠂ ᠰᠢᠷ᠎ᠠ᠂ ᠨᠤᠭᠤᠭᠠᠨ᠂ ᠤᠯᠠᠭᠠᠨ ᠳᠠᠪᠤᠨ ᠦᠩᠭᠡ ᠶᠢᠨ ᠪᠦᠰ ᠪᠤᠶᠤ ᠳᠤᠷᠭ᠎ᠠ ᠪᠠᠷ ᠬᠢᠭᠰᠡᠨ ᠡᠮᠦᠰᠭᠡᠯ ᠪᠡᠯᠡᠳᠭᠡᠳᠡᠭ᠃ ᠠᠷᠪᠠᠠ ᠨᠢᠭᠡ᠂ ᠰᠡᠳᠡᠷ ᠪᠡᠯᠡᠳᠭᠡᠬᠦ ᠶᠤᠰᠤᠨ ᠮᠤᠩᠭᠤᠯᠴᠤᠳ ᠭᠠᠯ ᠳᠠᠬᠢᠯᠭ᠎ᠠ ᠳᠤ ᠳᠠᠪᠤᠨ ᠬᠤᠰᠢᠭᠤ ᠮᠠᠯ ᠪᠤᠶᠤ ᠨᠤᠬᠠᠢ ᠪᠠᠨ ᠰᠡᠳᠡᠷᠯᠡᠬᠦ ᠳᠤ ᠵᠡᠬᠦᠯᠭᠡᠳᠡᠭ ᠰᠡᠳᠡᠷ ᠪᠡᠯᠡᠳᠭᠡᠳᠡᠭ᠃ ᠠᠷᠪᠠᠠ ᠬᠤᠶᠡᠷ᠂ ᠭᠠᠯ ᠤᠨ ᠵᠤᠯᠠ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠳᠡᠭ ᠠᠮᠤᠰᠤ ᠪᠤᠳᠠᠭ᠎ᠠ ᠪᠠᠷ ᠬᠢᠭᠰᠡᠨ ᠵᠤᠯᠠ ᠪᠡᠯᠡᠳᠭᠡᠳᠡᠭ᠃ ᠠᠷᠪᠠᠠ ᠭᠤᠷᠪᠡ᠂ ᠭᠠᠯ ᠤᠨ ᠪᠠᠯᠢᠩ ᠪᠡᠯᠡᠳᠭᠡᠬᠦ ᠶᠤᠰᠤᠨ ᠭᠤᠯᠢᠷ ᠢᠶᠠᠷ ᠳᠠᠪᠤᠨ ᠬᠤᠰᠢᠭᠤ ᠮᠠᠯ ᠪᠤᠶᠤ ᠰᠡᠷᠭᠡ ᠤᠨᠤᠭᠰᠠᠨ ᠬᠦᠮᠦᠨ ᠤ ᠪᠠᠯᠢᠩ ᠪᠠᠷᠢᠵᠦ ᠭᠠᠯ ᠳᠠᠬᠢᠬᠤ ᠳᠤ ᠬᠡᠷᠡᠭᠯᠡᠬᠦ ᠪᠠᠷ ᠪᠡᠯᠡᠳᠭᠡᠳᠡᠭ᠃ ᠠᠷᠪᠠᠠ ᠲᠦᠷᠪᠡ᠂ ᠭᠠᠯ ᠤᠨ ᠰᠤᠳᠤᠷ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠤᠩᠰᠢᠬᠤ ᠭᠠᠯ ᠤᠨ ᠰᠤᠳᠤᠷ ᠢ ᠪᠡᠯᠡᠳᠭᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号