ᠬᠠᠰᠠᠭ ᠳᠡᠷᠭᠡ
ᠨᠡᠶᠢᠲᠡᠯᠡᠭᠰᠡᠨ ᠴᠠᠭ᠄
2019/11/27
ᠬᠠᠰᠠᠬ ᠲᠡᠷᠭᠡᠨ ᠤ ᠪᠦᠳᠦᠴᠡ ᠶᠢ ᠪᠣᠯᠣ ᠶᠢᠨ ᠬᠡᠰᠡᠭ ᠪᠠ ᠠᠷᠠᠯ ᠤᠨ ᠬᠡᠰᠡᠭ ᠭᠡᠵᠦ ᠬᠤᠶᠠᠷ ᠬᠤᠪᠢᠶᠠᠵᠦ ᠪᠣᠯᠣᠨ᠎ᠠ᠃ ᠠᠷᠠᠯ ᠤᠨ ᠬᠡᠰᠡᠭ ᠲᠤ ᠢᠯᠠᠦ᠂ ᠡᠷᠡᠦ᠂᠂ ᠪᠣᠭᠤᠯᠭ᠎ᠠ᠂ ᠪᠣᠭᠤᠳᠠᠢ᠂ ᠵᠦᠯᠭᠡ ᠵᠡᠷᠭᠡ ᠪᠠᠷ ᠪᠦᠳᠦᠨ᠎ᠡ᠃ ᠲᠡᠷᠭᠡᠨ ᠤ ᠠᠷᠠᠯ ᠢ ᠬᠠᠶᠢᠯᠠᠰᠣ᠂ ᠬᠤᠰᠣ᠂ ᠴᠠᠷᠠᠰᠣ ᠵᠡᠷᠭᠡ ᠮᠣᠳᠣ ᠪᠠᠷ ᠬᠢᠨ᠎ᠡ᠃ ᠢᠯᠠᠦ᠄ ᠢᠯᠠᠦ ᠪᠣᠯ ᠲᠡᠷᠭᠡᠨ ᠤ ᠬᠤᠶᠠᠷ ᠠᠷᠠᠯ ᠢ ᠬᠦᠨᠳᠡᠯᠡᠨ ᠬᠤᠯᠪᠣᠳᠠᠬ ᠣᠷᠳᠦ ᠲᠦᠷᠪᠡᠯᠵᠢᠨ ᠮᠣᠳᠣ ᠪᠣᠯᠣᠨ᠎ᠠ᠃ ᠲᠡᠷᠡ ᠨᠢ ᠲᠡᠷᠭᠡᠨ ᠤ ᠨᠢᠷᠣᠭᠤᠨ ᠬᠡᠰᠡᠭ ᠪᠣᠯᠵᠦ᠂ ᠠᠴᠢᠶ᠎ᠠ ᠲᠡᠭᠡᠭᠡᠪᠦᠷᠢ ᠶᠢᠨ ᠵᠦᠢᠯ ᠢᠶᠠᠨ ᠲᠡᠭᠡᠭᠡᠵᠦ ᠠᠴᠢᠬᠤ ᠭᠠᠵᠠᠷ ᠪᠣᠯᠣᠨ᠎ᠠ᠃ ᠬᠠᠰᠠᠬ ᠲᠡᠷᠭᠡᠨ ᠳᠤ ᠨᠠᠢᠮᠠᠨ ᠢᠯᠠᠦ ᠪᠠᠶᠢᠳᠠᠬ᠃ ᠨᠠᠢᠮᠠᠨ ᠢᠯᠠᠦ ᠶᠢᠨ ᠬᠠᠮᠤᠬ ᠡᠮᠦᠨᠡᠬᠢ ᠶᠢ ᠨᠢ ᠪᠠᠭᠠᠷᠠᠩ ᠢᠯᠠᠦ ᠭᠡᠵᠦ᠂ ᠬᠠᠮᠤᠬ ᠤᠨ ᠬᠤᠶᠢᠨᠠᠬᠢ ᠶᠢ ᠨᠢ ᠣᠳᠬᠤᠨ ᠢᠯᠠᠦ ᠭᠡᠬᠦ ᠪᠣᠶᠣ ᠴᠦᠷᠬᠡᠯᠡᠭᠡᠨ ᠤ ᠢᠯᠠᠦ ᠭᠡᠵᠦ ᠪᠠᠰᠠ ᠬᠡᠯᠡᠳᠡᠭ᠃ ᠡᠷᠡᠦ᠄ ᠡᠷᠡᠦ ᠭᠡᠳᠡᠭ ᠪᠣᠯ ᠠᠷᠠᠯ ᠤᠨ ᠦᠵᠦᠭᠦᠷ ᠢ ᠪᠣᠭᠤᠯᠭ᠎ᠠ ᠲᠠᠢ ᠬᠤᠯᠪᠣᠬᠤ ᠬᠡᠰᠡᠭ ᠢ ᠬᠡᠯᠡᠨ᠎ᠡ᠃ ᠪᠣᠭᠤᠯᠭ᠎ᠠ᠄ ᠠᠷᠠᠯ ᠤᠨ ᠦᠵᠦᠭᠦᠷ ᠢ ᠬᠦᠨᠳᠡᠯᠡᠨ ᠬᠤᠯᠪᠣᠵᠦ ᠬᠦᠯᠯᠡᠬᠦ ᠦᠬᠡᠷ ᠤᠨ ᠬᠦᠵᠦᠭᠦᠨ ᠲᠡᠭᠡᠷ᠎ᠡ ᠲᠠᠯᠪᠢᠵᠦ ᠵᠢᠳᠭᠦᠬᠦ ᠳᠤ ᠬᠡᠷᠡᠭᠯᠡᠬᠦ ᠪᠠᠭᠠᠵᠢ ᠪᠣᠯᠣᠨ᠎ᠠ᠃ ᠪᠣᠭᠤᠳᠠᠢ᠄ ᠬᠦᠯᠪᠣᠷᠢ ᠶᠢᠨ ᠦᠬᠡᠷ ᠤᠨ ᠬᠤᠭᠤᠯᠠᠢ ᠲᠣᠣᠭᠤᠷ ᠬᠦᠨᠳᠡᠯᠡᠨ ᠲᠠᠳᠠᠬᠰᠠᠨ ᠮᠣᠳᠣ ᠶᠢ ᠪᠣᠭᠤᠳᠠᠢ ᠭᠡᠵᠦ ᠨᠡᠷᠡᠯᠡᠨ᠎ᠡ᠃ ᠵᠠᠷᠢᠮ ᠭᠠᠵᠠᠷ ᠲᠤ ᠪᠠᠰᠠ ᠪᠣᠷᠭᠤᠯᠵᠢ ᠭᠡᠳᠡᠭ᠃ ᠪᠣᠭᠤᠳᠠᠢ ᠶᠢᠨ ᠬᠤᠶᠠᠷ ᠦᠵᠦᠭᠦᠷ ᠤᠨ ᠬᠤᠯᠪᠣᠭᠠᠰᠣ ᠶᠢᠨ ᠰᠣᠷ ᠢ ᠪᠣᠬᠢ᠂ ᠵᠦᠯᠭᠡ ᠭᠡᠵᠦ ᠨᠡᠷᠡᠯᠡᠨ᠎ᠡ᠃ ᠬᠠᠰᠠᠬ ᠲᠡᠷᠭᠡᠨ ᠤ ᠪᠣᠯᠣ ᠶᠢᠨ ᠬᠡᠰᠡᠭ ᠨᠢ ᠭᠤᠳᠣᠯᠢ᠂ ᠬᠡᠭᠡᠰᠦ᠂ ᠮᠦᠭᠡᠷ ᠵᠡᠷᠭᠡ ᠪᠠᠷ ᠪᠦᠷᠢᠯᠳᠦᠨ᠎ᠡ᠃ ᠡᠭᠦᠨ ᠠᠴᠠ ᠭᠠᠳᠠᠨ᠎ᠠ ᠴᠠᠭᠠᠷᠢᠬ᠂ ᠰᠢᠷᠡᠮᠦ᠂ ᠰᠢᠭᠠᠳᠠᠬ ᠢᠶᠠᠷ ᠪᠣᠯᠣ ᠪᠣᠯᠵᠦ ᠪᠦᠮᠪᠦᠷᠢᠨ᠎ᠡ᠃ ᠭᠤᠳᠣᠯᠢ ᠶᠢ ᠵᠠᠷᠢᠮ ᠭᠠᠵᠠᠷ ᠪᠠᠰᠠ ︽ᠲᠦᠨᠳᠦᠭ︾ ᠪᠣᠶᠣ ︽ᠲᠡᠨᠡᠭ ᠪᠣᠯᠣ︾ ᠭᠡᠳᠡᠭ᠃ ᠬᠡᠭᠡᠰᠦ ᠭᠡᠳᠡᠭ ᠪᠣᠯ ᠲᠣᠣᠷ᠎ᠠ ᠦᠵᠦᠭᠦᠷ ᠢ ᠨᠢ ᠭᠤᠳᠣᠯᠢ ᠳᠤ ᠰᠢᠭᠠᠳᠠᠬᠯᠠᠵᠦ ᠲᠡᠭᠡᠷ᠎ᠡ ᠦᠵᠦᠭᠦᠷ ᠢ ᠨᠢ ᠮᠦᠬᠡᠷ ᠲᠤ ᠰᠢᠭᠠᠳᠠᠬᠯᠠᠵᠦ᠂ ᠭᠤᠳᠣᠯᠢ ᠮᠦᠬᠡᠷ ᠬᠤᠶᠠᠷ ᠢ ᠬᠤᠯᠪᠣᠳᠠᠬ ᠮᠣᠳᠣ ᠮᠦᠨ᠃ ᠬᠡᠭᠡᠰᠦ ᠶᠢ ᠶᠡᠭᠡ ᠬᠠᠳᠠᠭᠤ ᠮᠣᠳᠣ ᠪᠠᠷ ᠬᠢᠨ᠎ᠡ᠃ ᠮᠦᠬᠡᠷ ᠭᠡᠳᠡᠭ ᠨᠢ ᠬᠡᠭᠡᠰᠦᠨ ᠤ ᠲᠣᠯᠣᠭᠠᠢ ᠶᠢ ᠪᠢᠳᠡᠭᠦᠦ ᠣᠷᠢᠶᠠᠵᠦ ᠰᠢᠭᠠᠳᠠᠬ ᠰᠢᠭᠠᠬᠰᠠᠨ ᠨᠣᠮᠣᠯᠵᠢᠨ ᠬᠡᠯᠪᠡᠷᠢ ᠲᠠᠢ ᠮᠣᠳᠣ ᠶᠢ ᠬᠡᠯᠡᠨ᠎ᠡ᠃ ᠲᠣᠭᠤᠷᠢᠬ ᠪᠣᠯᠣ ᠶᠢ ᠲᠡᠩᠭᠡᠯᠢᠭ ᠢᠶᠠᠷ ᠬᠤᠯᠪᠣᠵᠦ ᠠᠷᠠᠯ ᠢᠶᠠᠨ ᠲᠠᠭᠠᠷᠠᠭᠤᠯᠣᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号