ᠬᠤᠷᠯᠤᠤ ᠳᠡᠷᠭᠡ
ᠨᠡᠶᠢᠲᠡᠯᠡᠭᠰᠡᠨ ᠴᠠᠭ᠄
2019/11/27
ᠬᠤᠷᠯᠣ ᠲᠡᠷᠭᠡ ᠨᠢ ᠭᠤᠣᠯᠳᠠᠭᠤ ᠲᠡᠷᠭᠡᠨ ᠤ ᠬᠦᠷᠳᠦ ᠶᠢᠨ ᠬᠡᠰᠡᠭ ᠪᠣᠯᠣᠨ ᠲᠡᠷᠭᠡᠨ ᠤ ᠲᠠᠪᠰᠢ ᠶᠢᠨ ᠬᠡᠰᠡᠭ᠂ ᠠᠷᠠᠯ ᠤᠨ ᠬᠡᠰᠡᠭ ᠭᠡᠬᠦ ᠭᠤᠷᠪᠠᠨ ᠬᠡᠰᠡᠭ ᠢᠶᠠᠷ ᠪᠦᠷᠢᠯᠳᠦᠵᠡᠢ᠃ ᠲᠠᠪᠰᠢ ᠶᠢᠨ ᠬᠡᠰᠡᠭ ᠲᠤ ᠲᠡᠷᠭᠡᠨ ᠤ ᠠᠷᠠᠯ᠂ ᠲᠡᠷᠭᠡᠨ ᠡᠮᠡᠭᠡᠯ᠂ ᠲᠡᠷᠭᠡᠨ ᠭᠡᠷ᠂ ᠶᠠᠰᠢᠩ᠂ ᠲᠡᠷᠭᠡᠨ ᠴᠢᠬᠢ᠂ ᠢᠯᠠᠦ᠂ ᠲᠣᠳᠣᠭᠠᠳᠦ ᠲᠣᠯᠭᠠᠭᠤᠷᠢ᠂ ᠲᠡᠷᠭᠡᠨ ᠵᠦᠯᠭᠡ᠂ ᠲᠠᠪᠰᠢ ᠶᠢᠨ ᠬᠠᠪᠳᠠᠰᠣ ᠭᠡᠬᠦ ᠬᠡᠳᠦᠨ ᠵᠦᠢᠯ ᠢᠶᠠᠷ ᠪᠦᠷᠢᠯᠳᠦᠵᠦ ᠪᠣᠯᠣ ᠶᠢ ᠨᠢ ᠭᠤᠣᠯᠳᠠᠭᠤ ᠨᠠᠮᠤᠬ ᠭᠠᠵᠠᠷ ᠣᠷᠭᠤᠬᠰᠠᠨ ᠣᠳᠠ ᠮᠣᠳᠣ ᠪᠣᠶᠣ ᠣᠵᠢᠷᠭ᠎ᠠ ᠮᠣᠳᠣ ᠪᠠᠷ ᠬᠢᠳᠡᠭ᠃ ᠬᠤᠷᠯᠣ ᠲᠡᠷᠭᠡᠨ ᠤ ᠪᠣᠯᠣ ᠶᠢ ᠪᠠᠰᠠ ᠭᠠᠷᠠᠬ ᠭᠡᠵᠦ ᠬᠡᠯᠡᠳᠡᠭ᠃ ᠪᠣᠯᠣ ᠶᠢᠨ ᠬᠡᠰᠡᠭ ᠨᠢ ᠪᠣᠯᠣ ᠶᠢᠨ ᠬᠡᠭᠡᠰᠦ᠂ ᠲᠡᠷᠭᠡᠨ ᠤ ᠮᠦᠭᠡᠷ᠂ ᠲᠡᠷᠭᠡ᠂ ᠵᠡᠷᠭᠡ ᠪᠠᠷ ᠪᠦᠷᠢᠯᠳᠦᠨ᠎ᠡ᠃ ᠠᠷᠠᠯ ᠤᠨ ᠬᠡᠰᠡᠭ ᠲᠤ ᠡᠯᠭᠦᠭᠦᠷ ᠴᠦ᠋᠂ ᠬᠤᠳᠠᠷᠭ᠎ᠠ᠂ ᠬᠦᠮᠦᠯᠳᠦᠷᠭᠡ᠂ ᠨᠢᠷᠣᠭᠤᠪᠴᠢ ᠲᠡᠭᠡᠰᠦ᠂ ᠪᠣᠭᠤᠯᠭ᠎ᠠ᠂ ᠪᠣᠷᠭᠢᠯᠵᠢ᠂ ᠵᠡᠷᠭᠡ ᠪᠠᠶᠢᠳᠠᠬ᠃ ᠲᠡᠷᠭᠡᠨ ᠤ ᠬᠤᠶᠢᠳᠦ ᠬᠡᠰᠡᠭ ᠲᠤ ᠪᠠᠰᠠ ᠲᠠᠷᠢᠶ᠎ᠠ ᠲᠦᠮᠦᠰᠦ ᠪᠠᠨ ᠲᠡᠭᠡᠭᠡᠭᠰᠡᠨ ᠤ ᠲᠠᠷᠠᠭ᠎ᠠ ᠪᠣᠭᠤᠵᠢᠯᠠᠵᠦ ᠣᠶᠠᠳᠠᠬ ᠲᠠᠷᠣᠯᠭ᠎ᠠ ᠲᠡᠭᠡᠰᠦ ᠶᠢ ᠲᠣᠬᠳᠠᠭᠠᠳᠠᠬ ᠰᠣᠨᠳᠣᠭᠠᠢ ᠪᠣᠭᠤᠯᠭ᠎ᠠ ᠭᠡᠵᠦ ᠪᠠᠶᠢᠳᠠᠬ᠃ ᠡᠭᠦᠨ ᠠᠴᠠ ᠭᠠᠳᠠᠨ᠎ᠠ ᠲᠠᠷᠣᠯᠭ᠎ᠠ ᠲᠡᠭᠡᠰᠦ ᠶᠢ ᠡᠷᠡᠵᠦ ᠣᠶᠠᠬᠤ ᠳᠤ ᠬᠡᠷᠡᠭᠯᠡᠳᠡᠭ ᠬᠤᠶᠠᠷ ᠰᠣᠮᠣᠨ ᠮᠣᠳᠣ ᠪᠠᠶᠢᠳᠠᠬ᠃ ᠬᠤᠷᠯᠣ ᠲᠡᠷᠭᠡ ᠶᠢ ᠮᠣᠳᠣ ᠪᠠᠷ ᠵᠣᠬᠢᠶᠠᠳᠠᠬ ᠪᠣᠯᠬᠤᠷ ᠦᠬᠡᠷ ᠬᠦᠯᠦᠬᠦ ᠳᠤ ᠲᠣᠬᠢᠷᠠᠮᠵᠢᠳᠠᠢ ᠪᠠᠶᠢᠳᠠᠬ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号