| | ᠡᠷᠳᠡ ᠤᠷᠢᠳᠤ ᠶᠢᠨ ᠴᠠᠭ ᠲᠤ ᠪᠠᠷᠰ ᠬᠡᠭᠴᠢ ᠬᠡᠳᠦ᠋ᠢᠪᠡᠷ ᠪᠦᠳᠤᠬᠦᠨ ᠲᠤᠮᠤ ᠪᠠᠶ᠎ᠡ ᠲᠠᠢ ᠪᠤᠯᠪᠠᠴᠤ ᠶᠠᠮᠠᠷ ᠴᠤ | ᠴᠢᠳᠠᠯ ᠦᠬᠡᠢ ᠬᠦᠮᠤᠨ ᠪᠤᠯᠭᠠᠨ ᠢᠶᠠᠷ ᠠᠳᠠᠯᠠᠭᠤᠯᠤᠭᠰᠠᠨ ᠨᠢᠬᠡᠨ ᠪᠠᠶᠢᠵᠠᠢ᠃ ᠨᠢᠬᠡ ᠡᠳᠤᠷ ᠮᠤᠤᠷ ᠪᠠᠭᠰᠢ ᠲᠠᠢ | ᠠᠭᠤᠯᠵᠠᠭᠠᠳ ᠬᠡᠯᠡᠵᠠᠢ᠄ | — ᠮᠤᠤᠷ ᠪᠠᠭᠰᠢ ᠡ᠂ ᠪᠢ ᠶᠠᠭ ᠠᠮᠢᠳᠤᠷᠠᠬᠤ ᠶᠢᠨ ᠠᠷᠭ᠎ᠠ ᠦᠬᠡᠢ ᠪᠤᠯᠵᠠᠢ᠃ ᠪᠠᠭᠰᠢ ᠲᠠ ᠨᠠᠮ᠎ᠠ ᠶᠢ | ᠱᠠᠪᠢ ᠪᠠᠨ ᠪᠤᠯᠭᠠᠵᠤ ᠡᠷᠳᠡᠮ ᠵᠢᠭᠠᠬᠤ ᠪᠤᠯᠪᠠ ᠤᠤ︖ ᠬᠡᠵᠤ ᠭᠤᠶᠤᠵᠠᠢ᠃ ᠮᠤᠤᠷ ᠪᠠᠭᠰᠢ ᠬᠡᠯᠡᠵᠠᠢ᠄ | — ᠪᠢ ᠤᠳᠤ ᠦᠳᠡᠯᠵᠤ ᠮᠤᠨᠤᠭᠠᠳ ᠱᠠᠪᠢ ᠡᠯᠰᠡᠬᠦ ᠪᠠᠨ ᠠᠯᠢ ᠬᠡᠳᠦ᠋ᠢᠨᠢ ᠪᠠᠶᠢᠴᠢᠬᠠᠭᠰᠠᠨ ᠰᠢᠤ ᠬᠡᠵᠠᠢ᠃ | ᠲᠡᠬᠡᠬᠦᠯᠡᠷ ᠪᠠᠷᠰ ᠬᠡᠯᠡᠵᠠᠢ᠄ | — ᠪᠠᠭᠰᠢ ᠲᠠ ᠨᠠᠮ᠎ᠠ ᠶᠢ ᠦᠷ᠎ᠡ ᠱᠠᠪᠢ ᠪᠠᠨ ᠪᠤᠯᠭᠠᠵᠤ ᠠᠪᠴᠢᠬ᠎ᠠ ᠡ︕ ᠪᠢ ᠲᠠᠨ ᠢ ᠨᠠᠰᠤᠨ ᠲᠤᠷᠰᠢ | ᠬᠦᠨᠳᠤᠯᠠᠵᠤ ᠠᠰᠠᠷᠠᠨ ᠬᠤᠶᠢᠳᠤ ᠮᠦᠷ ᠢ ᠴᠢᠨᠢ ᠵᠢᠭᠠᠶ᠎ᠠ ᠬᠡᠵᠠᠢ᠃ ᠮᠤᠤᠷ ᠪᠠᠭᠰᠢ ᠲᠠᠬᠢᠨ ᠲᠠᠪᠳᠠᠨ ᠪᠤᠳᠤᠭᠠᠳ | ᠡᠴᠤᠰ ᠲᠤ ᠪᠠᠨ ᠪᠠᠷᠰ ᠢ ᠱᠠᠪᠢ ᠪᠠᠨ ᠪᠤᠯᠭᠠᠵᠤ ᠠᠪᠴᠠᠢ᠃ ᠲᠡᠬᠡᠬᠡᠳ ᠡᠷᠳᠡᠮ ᠵᠢᠭᠠᠵᠠᠢ᠃ ᠨᠢᠬᠡ ᠵᠢᠯ ᠠᠭᠤᠯᠠᠨ ᠳᠤ | ᠭᠠᠷᠴᠤ ᠲᠦᠯᠡᠭᠡ ᠴᠠᠪᠴᠢᠭᠤᠯᠵᠤ᠂ ᠨᠢᠬᠡ ᠵᠢᠯ ᠭᠤᠤᠯ ᠳᠤ ᠤᠴᠢᠭᠤᠯᠵᠤ ᠤᠰᠤ ᠲᠠᠮᠨᠠᠭᠤᠯᠤᠨ᠂ ᠨᠢᠬᠡ ᠵᠢᠯ ᠰᠡᠮᠬᠡᠨ | ᠠᠯᠬᠤᠭᠤᠯᠬᠤ ᠶᠢ ᠪᠤᠯᠪᠠᠰᠤᠷᠠᠭᠤᠯᠵᠠᠢ᠃ ᠲᠡᠬᠡᠳᠡᠯ᠎ᠡ ᠪᠠᠷᠰ ᠨᠢᠬᠡ ᠡᠳᠤᠷ ᠪᠠᠭᠰᠢ ᠳᠤ ᠪᠠᠨ ᠬᠡᠯᠠᠵᠠᠢ᠄ | — ᠪᠠᠭᠰᠢ ᠡ᠂ ᠪᠢ ᠢᠷᠡᠬᠡᠳ ᠨᠢᠬᠡ ᠡᠷᠳᠡᠮ ᠴᠤ ᠰᠤᠷᠤᠭᠰᠠᠨ ᠦᠬᠡᠢ ᠡᠳᠤᠬᠡ ᠨᠢᠬᠡᠨᠳᠡ ᠭᠤᠷᠪᠠᠨ ᠵᠢᠯ | ᠪᠤᠯᠴᠢᠬᠠᠯ᠎ᠠ᠃ ᠪᠠᠭᠰᠢ ᠡᠷᠳᠡᠮ ᠠᠴᠠ ᠪᠠᠨ ᠪᠠᠭ᠎ᠠ ᠰᠠᠭ᠎ᠠ ᠵᠢᠭᠠᠵᠤ ᠰᠤᠷᠭᠠᠬᠤ ᠦᠬᠡᠢ ᠤᠤ︖ ᠬᠡᠵᠠᠢ᠃ ᠮᠤᠤᠷ | ᠪᠠᠭᠰᠢ ᠬᠡᠯᠡᠭᠰᠡᠨ ᠨᠢ᠄ | — ᠪᠢ ᠴᠢᠮ᠎ᠠ ᠳᠤ ᠨᠢᠬᠡᠨᠳᠡ ᠭᠤᠷᠪᠠᠨ ᠵᠢᠯ ᠡᠷᠳᠡᠮ ᠵᠢᠭᠠᠴᠢᠬᠠᠭᠰᠠᠨ ᠰᠢᠤ᠃ ᠠᠭᠤᠯᠠᠨ ᠳᠤ ᠭᠠᠷᠴᠤ | ᠲᠦᠯᠡᠭᠡ ᠠᠪᠬᠤ ᠨᠢ ᠴᠢᠨᠤ ᠬᠠᠳᠠ ᠴᠢᠯᠠᠭᠤᠨ ᠳᠤ ᠠᠪᠢᠷᠠᠬᠤ ᠶᠢ ᠪᠤᠯᠪᠠᠰᠤᠷᠠᠭᠤᠯᠤᠯᠠ᠃ ᠭᠤᠤᠯ ᠳᠤ ᠤᠴᠢᠵᠤ | ᠤᠰᠤᠨ ᠳᠤ ᠤᠷᠤᠬᠤ ᠨᠢ ᠬᠡᠬᠡᠷ᠎ᠡ ᠲᠠᠯ᠎ᠠ ᠶᠢᠨ ᠪᠠᠶᠢᠳᠠᠯ ᠪᠠ ᠤᠯᠠᠨ ᠠᠮᠢᠳᠠᠨ ᠤ ᠤᠰᠤᠨ ᠳᠤ ᠤᠷᠤᠬᠤ ᠪᠠᠶᠢᠳᠠᠯ ᠢ | ᠮᠡᠳᠡᠬᠦᠯᠤᠯᠡ᠃ ᠰᠡᠮᠬᠡᠨ ᠠᠯᠬᠤᠭᠤᠯᠬᠤ ᠨᠢ ᠠᠩ ᠬᠦᠷᠤᠬᠡ ᠪᠠᠨ ᠮᠢᠷᠢᠶᠠᠬᠤ ᠶᠢ ᠪᠤᠯᠪᠠᠰᠤᠷᠠᠭᠤᠯᠤᠯᠠ᠃ ᠤᠳᠤ | ᠴᠢᠮ᠎ᠠ ᠳᠤ ᠪᠤᠳᠠᠲᠠᠢ ᠡᠷᠳᠡᠮ ᠵᠢᠭᠠᠬᠠᠨ ᠵᠢᠭᠠᠶ᠎ᠠ᠃ ᠲᠡᠬᠡᠪᠡᠯ ᠠᠮᠢ ᠪᠠᠨ ᠲᠠᠵᠢᠬᠡᠬᠦ ᠳᠤ ᠠᠰᠠᠭᠤᠳᠠᠯ ᠦᠬᠡᠢ ᠬᠡᠳ | ᠮᠢᠷᠢᠶᠠᠬᠤ᠂ ᠬᠡᠳᠡᠬᠦ᠂ ᠦᠨᠤᠷᠯᠡᠬᠦ᠂ ᠬᠦᠯᠢᠶᠡᠬᠦ᠂ ᠲᠠᠭᠠᠷᠢᠬᠤ᠂ ᠬᠦᠬᠡᠬᠡᠬᠦ᠂ ᠦᠰᠤᠷᠬᠦ᠂ ᠨᠤᠴᠤᠬᠤ᠂ ᠪᠠᠭᠠᠯᠵᠤᠷᠳᠠᠬᠤ | ᠂ ᠠᠯᠠᠭᠠᠳᠠᠬᠤ᠂ ᠰᠡᠬᠦᠯ ᠢᠶᠠᠷ ᠢᠶᠠᠨ ᠭᠤᠶᠠᠳᠠᠬᠤ᠂ ᠠᠷᠬᠢᠷᠠᠬᠤ ᠬᠡᠬᠦᠴᠢᠯᠡᠨ ᠠᠷᠪᠠᠨ ᠬᠤᠶᠠᠷ ᠵᠦᠢᠯ ᠤᠨ ᠡᠷᠳᠡᠮ ᠢ | ᠵᠢᠭᠠᠵᠤ ᠦᠭᠴᠠᠢ᠃ ᠪᠠᠷᠰ ᠭᠤᠷᠪᠠᠨ ᠵᠢᠯ ᠦᠨᠳᠤᠰᠤᠨ ᠡᠷᠳᠡᠮ ᠪᠤᠯᠪᠠᠰᠤᠷᠠᠭᠰᠠᠨ ᠲᠤᠯᠠ ᠡᠳᠡᠬᠡᠷ ᠡᠷᠳᠡᠮ ᠢ ᠨᠠᠮᠠᠵᠤ | ᠰᠤᠷᠬᠤ ᠲᠠᠢ ᠵᠡᠷᠬᠡ ᠶᠤᠰᠤᠲᠠᠢ ᠵᠢᠬᠦᠷ ᠤᠷᠭᠤᠭᠰᠠᠨ ᠮᠡᠳᠤ ᠪᠤᠯᠵᠤ ᠠᠷᠠᠢ ᠬᠠᠭᠠᠰ ᠵᠢᠯ ᠪᠤᠯᠤᠭᠰᠠᠨ ᠦᠬᠡᠢ ᠪᠦᠬᠦᠨ ᠢ | ᠰᠤᠷᠴᠤ ᠰᠠᠶᠢᠳᠤᠷ ᠡᠵᠡᠮᠰᠢᠵᠠᠢ᠃ ᠲᠡᠬᠡᠬᠡᠳ ᠠᠭᠤᠯᠠᠨ ᠳᠤ ᠭᠠᠷᠴᠤ ᠶᠠᠩᠬᠢᠷ ᠪᠠᠷᠢᠵᠤ᠂ ᠲᠠᠯ᠎ᠠ ᠳᠤ ᠤᠴᠢᠵᠤ ᠵᠡᠬᠡᠷ᠎ᠡ | ᠠᠩᠨᠠᠨ᠂ ᠭᠠᠷ ᠤᠨ ᠠᠶ᠎ᠠ ᠪᠠᠷ ᠶᠠᠭᠤ ᠦᠷᠳᠦᠭᠰᠡᠨ ᠪᠤᠯᠭᠠᠨ ᠢ ᠬᠦᠷᠤᠬᠡᠯᠡᠵᠤ ᠢᠳᠡᠬᠦ ᠪᠤᠯᠵᠠᠢ᠃ ᠬᠦᠷᠤᠬᠡᠯᠡᠬᠦ ᠨᠢ | ᠠᠷᠪᠢᠳᠬᠤ ᠲᠤᠳᠤᠮ ᠬᠡᠷ ᠲᠤ ᠪᠠᠨ ᠬᠠᠷᠢᠵᠤ ᠢᠷᠡᠬᠦ ᠨᠢ ᠪᠠᠭᠠᠰᠴᠤ ᠢᠳᠡᠬᠡᠳ ᠴᠠᠳᠪᠠᠯ ᠦᠯᠦᠩ ᠡᠪᠡᠰᠤᠨ | ᠲᠤᠳᠤᠷ᠎ᠠ ᠤᠨᠳᠠᠭᠠᠳ ᠦᠭᠴᠢᠬᠡᠳᠡᠭ ᠪᠤᠯᠵᠠᠢ᠃ | ᠪᠠᠷᠰ ᠨᠢᠬᠡᠨ ᠡᠳᠤᠷ ᠤᠯᠠᠨ ᠠᠷᠢᠶᠠᠳᠠᠨ ᠤ ᠡᠷᠳᠡᠮ ᠴᠢᠳᠠᠪᠤᠷᠢ ᠮᠥᠷᠦ᠋ᠢᠴᠡᠭᠦ ᠤᠷᠤᠯᠳᠤᠭᠠᠨ ᠳᠤ | ᠤᠷᠤᠯᠴᠠᠬᠤ ᠪᠠᠷ ᠶᠠᠪᠤᠵᠠᠢ᠃ ᠡᠷᠳᠡᠮ ᠮᠦᠷᠦ᠋ᠢᠴᠠᠭᠡᠳ ᠤᠯᠠᠨ ᠤ ᠲᠤᠮᠳᠠ ᠤᠷᠦ᠋ᠢᠯᠠᠵᠤ ᠸᠠᠩ ᠰᠠᠭᠤᠬᠤ ᠪᠤᠯᠵᠠᠢ᠃ | ᠬᠡᠪᠡᠴᠤ ᠲᠡᠷᠡ ᠲᠤᠳᠤᠷ᠎ᠠ ᠪᠠᠨ ᠪᠠᠰᠠ ᠨᠢᠬᠡᠨ ᠵᠠᠩᠬᠢᠯᠠᠭᠠᠰᠤ ᠲᠠᠢ ᠪᠠᠶᠢᠵᠤ ᠮᠤᠤᠷ ᠪᠠᠭᠰᠢ ᠨᠢ ᠲᠡᠬᠦᠨ ᠳᠤ ᠲᠡᠬᠡᠬᠡᠰᠢ | ᠪᠤᠯᠵᠤ ᠪᠠᠶᠢᠪᠠ᠃ ᠲᠡᠬᠡᠬᠡᠳ ᠡᠨᠡ ᠤᠴᠢᠷ ᠢᠶᠠᠨ ᠦᠨᠡᠭᠡ ᠭᠤᠸᠠᠢ ᠳᠤ ᠬᠡᠯᠡᠬᠦ ᠳᠤ ᠦᠨᠡᠭᠡ ᠬᠡᠯᠡᠵᠠᠢ᠄ | — ᠪᠠᠷᠰ ᠸᠠᠩ᠂ ᠲᠠ ᠮᠤᠤᠷ ᠪᠠᠭᠰᠢ ᠠᠴᠠ ᠰᠤᠷᠤᠭᠰᠠᠨ ᠦᠬᠡᠢ ᠦᠬᠡᠷ᠎ᠡ ᠡᠷᠳᠡᠮ ᠪᠠᠶᠢᠨ᠎ᠠ ᠤᠤ︖ | ᠬᠡᠬᠦ ᠳᠤ ᠪᠠᠷᠰ ᠬᠡᠯᠡᠵᠠᠢ᠄ | — ᠪᠢ ᠤᠳᠤ ᠮᠤᠤᠷ ᠪᠠᠭᠰᠢ ᠶᠢ ᠲᠠᠪᠤᠨ ᠵᠢᠯ ᠲᠠᠭᠠᠯ᠎ᠠ᠂ ᠰᠦᠨᠢ ᠡᠳᠤᠷ ᠬᠡᠴᠢᠨᠡᠬᠡᠨ ᠮᠢᠷᠢᠶᠠᠵᠤ ᠬᠡᠳᠡᠭᠰᠡᠨ | ᠪᠤᠯᠪᠠᠴᠤ ᠦᠬᠡᠷ᠎ᠡ ᠮᠢᠨᠤ ᠰᠤᠷᠤᠭᠰᠠᠨ ᠦᠬᠡᠢ ᠡᠷᠳᠡᠮ ᠬᠡᠵᠤ ᠦᠬᠡᠢ᠂ ᠬᠡᠷᠪᠡ ᠰᠤᠷᠤᠭᠰᠠᠨ ᠦᠬᠡᠢ ᠬᠡᠪᠡᠯ | ᠬᠤᠯᠤᠭᠠᠨ᠎ᠠ ᠪᠠᠷᠢᠬᠤ ᠡᠷᠳᠡᠮ ᠢ ᠪᠢ ᠬᠠᠷᠢᠨ ᠰᠤᠷᠤᠭᠰᠠᠨ ᠦᠬᠡᠢ᠂ ᠪᠠᠭᠰᠢ ᠬᠡᠯᠡᠬᠦ ᠪᠠᠷ ᠲᠡᠷᠡ ᠨᠠᠳᠠ ᠳᠤ ᠵᠤᠬᠢᠷᠠᠬᠤ | ᠦᠬᠡᠢ ᠬᠡᠵᠤ ᠪᠠᠶᠢᠭᠰᠠᠨ ᠬᠡᠬᠦ ᠳᠤ ᠦᠨᠡᠭᠡ ᠬᠡᠯᠡᠵᠠᠢ᠄ | — ᠲᠡᠬᠡᠪᠡᠯ ᠤᠳᠤ ᠠᠶᠤᠬᠤ ᠤᠴᠢᠷ ᠦᠬᠡᠢ ᠪᠤᠯᠵᠠᠢ᠃ ᠲᠠ ᠴᠢᠨᠢ ᠮᠤᠤᠷ ᠪᠠᠭᠰᠢ ᠶᠢᠨ ᠬᠤᠶᠢᠳᠤ ᠮᠦᠷ ᠢ | ᠵᠢᠭᠠᠶ᠎ᠠ ᠬᠡᠰᠡᠨ ᠪᠢᠰᠢ ᠤᠤ︖ ᠤᠴᠢᠭᠠᠳ ᠨᠢᠬᠡ ᠯᠠ ᠠᠯᠠᠭᠠᠳᠠᠭᠠᠳ ᠬᠤᠶᠢᠳᠤ ᠮᠦᠷ ᠢ ᠨᠢ ᠵᠢᠭᠠᠴᠢᠬᠠᠬᠤ ᠦᠬᠡᠢ | ᠤᠤ︖ ᠲᠡᠬᠡᠪᠡᠯ ᠪᠠᠰᠠ ᠨᠢᠬᠡ ᠴᠠᠭ ᠤᠨ ᠰᠠᠶᠢᠨ ᠬᠤᠭᠤᠯᠠ ᠲᠦᠬᠦᠬᠡᠷᠤᠴᠢᠬᠡᠭᠰᠡᠨ ᠤᠴᠢᠷ ᠪᠤᠯᠬᠤ ᠪᠢᠰᠢ ᠤᠤ ᠬᠡᠵᠠᠢ | ᠃ ᠡᠬᠦᠨ ᠳᠤ ᠪᠠᠷᠰ ᠪᠤᠳᠤᠵᠤ ᠪᠤᠳᠤᠭᠠᠳ᠄ | — ᠡᠨᠡ ᠠᠷᠭ᠎ᠠ ᠬᠠᠷᠢᠨ ᠪᠤᠯᠬᠤ ᠶᠤᠮ ᠪᠠᠶᠢᠨ᠎ᠠ᠃ ᠲᠡᠬᠡᠪᠡᠯ ᠨᠠᠳᠠ ᠳᠤ ᠪᠠᠭᠰᠢ ᠠᠴᠠ ᠵᠤᠪᠠᠭ᠋ᠤ ᠤᠴᠢᠷ | ᠦᠬᠡᠢ ᠪᠤᠯᠵᠤ ᠰᠠᠨᠠᠭ᠎ᠠ ᠠᠮᠤᠷ ᠸᠠᠩ ᠰᠠᠭᠤᠬᠤ ᠪᠤᠯᠤᠨ᠎ᠠ ᠳ᠋ᠠ︕ ᠬᠡᠵᠤ ᠬᠡᠯᠡᠬᠡᠳ ᠮᠤᠤᠷ ᠪᠠᠭᠰᠢ ᠶᠢᠨ ᠰᠠᠭᠤᠵᠤ | ᠪᠠᠶᠢᠭᠰᠠᠨ ᠬᠡᠷ ᠲᠤ ᠤᠴᠢᠭᠰᠠᠨ ᠳᠤ ᠮᠤᠤᠷ ᠪᠠᠭᠰᠢ ᠬᠡᠷ ᠤᠨ ᠡᠮᠤᠨᠡᠬᠢ ᠮᠤᠳᠤᠨ ᠤ ᠪᠠᠨ ᠰᠡᠬᠦᠳᠡᠷ ᠲᠤ ᠰᠡᠷᠢᠬᠦᠴᠡᠵᠤ | ᠪᠠᠶᠢᠵᠠᠢ᠃ ᠲᠡᠬᠡᠬᠡᠳ ᠬᠡᠯᠡᠵᠠᠢ᠄ | — ᠪᠠᠭᠰᠢ ᠡ᠂ ᠪᠢ ᠠᠷᠢᠶᠠᠳᠠᠨ ᠤ ᠡᠷᠳᠡᠮ ᠮᠥᠷᠦ᠋ᠢᠴᠡᠭᠦ ᠤᠷᠤᠯᠳᠤᠭᠠᠨ ᠳᠤ ᠤᠷᠤᠯᠴᠠᠭᠠᠳ ᠤᠳᠤ ᠸᠠᠩ | ᠰᠠᠭᠤᠬᠤ ᠪᠤᠯᠵᠠᠢ᠃ ᠲᠡᠬᠡᠬᠦᠯᠡᠷ ᠪᠢ ᠤᠳᠤ ᠲᠦᠮᠡᠨ ᠠᠷᠢᠶᠠᠳᠠᠨ ᠤ ᠲᠡᠬᠡᠷ᠎ᠡ ᠭᠠᠷᠬᠤ ᠤᠴᠢᠷ ᠲᠠᠢ ᠪᠤᠯᠬᠤᠷ ᠲᠠ | ᠨᠠᠮ᠎ᠠ ᠳᠤ ᠲᠡᠬᠡᠭ ᠪᠤᠯᠵᠤ ᠪᠠᠶᠢᠨ᠎ᠠ᠂ ᠡᠬᠦᠨ ᠢ ᠴᠤᠬᠤᠮ ᠶᠠᠭᠠᠬᠢᠪᠠᠯ ᠵᠤᠬᠢᠬᠤ ᠪᠤᠢ︖ ᠬᠡᠵᠤ ᠪᠠᠭᠰᠢ ᠠᠴᠠ ᠪᠠᠨ | ᠲᠤᠯᠭᠠᠨ ᠠᠰᠠᠭᠤᠵᠠᠢ᠃ ᠮᠤᠤᠷ ᠡᠬᠦᠨ ᠢ ᠰᠤᠨᠤᠰᠤᠭᠠᠳ ᠬᠡᠳᠦ᠋ᠢᠨᠠᠢ ᠰᠡᠷᠡᠮᠵᠢ ᠲᠠᠢ ᠪᠤᠯᠵᠤ ᠪᠠᠷᠰ ᠤᠨ ᠪᠠᠰᠢᠷ | ᠠᠷᠭ᠎ᠠ ᠶᠢ ᠦᠵᠡᠨ ᠭᠠᠷᠴᠤ ᠪᠡᠯᠡᠳᠬᠡᠯ ᠲᠠᠢ ᠪᠤᠯᠵᠠᠢ᠃ ᠪᠠᠷᠰ ᠴᠤ ᠤᠷᠴᠢᠨ ᠲᠤᠭᠤᠷᠢᠨ ᠳᠤ ᠰᠢᠷᠭᠤᠴᠢᠬᠤ ᠨᠦᠬᠡ | ᠦᠬᠡᠢ ᠶᠢ ᠬᠠᠷᠠᠭᠠᠳ ᠮᠠᠭᠤ ᠮᠤᠤᠷ ᠦᠨᠤᠳᠤᠷ ᠮᠢᠨᠤ ᠭᠠᠷ ᠠᠴᠠ ᠶᠠᠭᠠᠬᠢᠭᠰᠠᠨ ᠴᠤ ᠭᠠᠷᠴᠤ ᠲᠡᠶᠢᠯᠬᠦ ᠦᠬᠡᠢ ᠪᠤᠯᠵᠠᠢ | ᠬᠡᠵᠤ ᠪᠤᠳᠤᠵᠤ ᠰᠠᠭᠤᠵᠠᠢ᠃ ᠲᠡᠬᠡᠳᠡᠯ᠎ᠡ ᠮᠤᠤᠷ ᠬᠡᠯᠡᠵᠠᠢ᠄ | — ᠱᠠᠪᠢ ᠮᠢᠨᠢ ᠡ᠂ ᠴᠢ ᠤᠳᠤ ᠡᠷᠳᠡᠮ ᠴᠢᠳᠠᠯ ᠪᠦᠷᠢᠳᠦᠬᠡᠳ ᠸᠠᠩ ᠰᠠᠭᠤᠬᠤ ᠬᠡᠮᠵᠢᠶᠡᠨ ᠳᠤ ᠬᠦᠷᠴᠠᠢ᠃ | ᠴᠢᠨᠤ ᠪᠤᠳᠤᠬᠤ ᠪᠠᠷ ᠶᠠᠭᠠᠬᠢᠪᠠᠯ ᠵᠤᠬᠢᠬᠤ ᠪᠤᠢ︖ ᠬᠡᠵᠤ ᠬᠠᠷᠢᠭᠤ ᠠᠰᠭᠤᠵᠠᠢ᠃ ᠪᠠᠷᠰ ᠬᠡᠯᠠᠵᠠᠢ᠄ | — ᠪᠢ ᠤᠳᠤ ᠲᠠᠨ ᠢ ᠪᠠᠷᠢᠵᠤ ᠢᠳᠡᠶ᠎ᠡ᠂ ᠲᠡᠬᠡᠪᠡᠯ ᠪᠢ ᠴᠢᠨᠤ ᠬᠤᠶᠢᠳᠤ ᠮᠦᠷ ᠢ ᠴᠤ ᠰᠠᠶᠢᠬᠠᠨ | ᠵᠢᠭᠠᠴᠢᠬᠠᠬᠤ ᠪᠢᠰᠢ ᠤᠤ︖ ᠪᠢ ᠮᠦᠨ ᠬᠡᠵᠢᠶ᠎ᠡ ᠴᠤ ᠪᠠᠭᠰᠢ ᠲᠠᠢ ᠪᠠᠨ ᠬᠠᠮᠳᠤ ᠶᠠᠪᠤᠵᠤ ᠪᠠᠶᠢᠬᠤ ᠦᠬᠡᠢ ᠤᠤ︖ | ᠬᠡᠵᠠᠢ᠃ ᠲᠡᠬᠡᠬᠦ ᠳᠤ ᠮᠤᠤᠷ ᠬᠡᠯᠡᠵᠠᠢ᠄ | — ᠢᠩᠬᠢᠪᠡᠯ ᠠᠷᠠᠢ ᠲᠠᠨ ᠤ ᠸᠠᠩ ᠰᠠᠭᠤᠬᠤ ᠳᠤ ᠴᠢᠨᠢ ᠬᠠᠷᠰᠢ ᠪᠤᠯᠵᠤ᠂ ᠬᠦᠮᠤᠨ ᠤᠯᠠᠨ ᠳᠤ ᠡᠯᠡᠭ | ᠲᠤᠭᠤᠬᠢ ᠪᠤᠯᠬᠤ ᠦᠬᠡᠢ ᠬᠡᠵᠢ ᠤᠤ︖ ᠲᠡᠬᠢᠭᠠᠳ ᠬᠡᠯᠡᠪᠡᠯ ᠴᠢ ᠨᠠᠮ᠎ᠠ ᠶᠢ ᠪᠠᠷᠢᠵᠤ ᠢᠳᠡᠵᠤ ᠲᠡᠶᠢᠯᠤᠨ᠎ᠡ ᠬᠡᠵᠤ | ᠪᠤᠳᠤᠵᠤ ᠪᠠᠶᠢᠨ᠎ᠠ ᠤᠤ︖ ᠬᠡᠵᠤ ᠠᠰᠠᠭᠤᠵᠠᠢ᠃ ᠲᠡᠬᠡᠬᠦᠯᠡᠷ ᠪᠠᠷᠰ ᠬᠡᠯᠡᠵᠠᠢ᠄ | — ᠲᠠᠨ ᠳᠤ ᠤᠳᠤ ᠦᠬᠡᠷ᠎ᠡ ᠡᠷᠳᠡᠮ ᠦᠬᠡᠢ ᠪᠤᠯᠤᠭᠰᠠᠨ ᠢ ᠪᠢ ᠬᠡᠳᠦ᠋ᠢᠨᠠᠢ ᠬᠡᠳᠡᠬᠡᠳ ᠮᠡᠳᠡᠴᠢᠬᠡᠭᠰᠡᠨ᠂ | ᠸᠠᠩ ᠰᠠᠭᠤᠬᠤ ᠳᠤ ᠬᠠᠷᠰᠢ ᠪᠤᠯᠬᠤ ᠡᠰᠡᠬᠦ ᠠᠰᠠᠭᠤᠳᠠᠯ ᠲᠡᠬᠡᠷ᠎ᠡ ᠬᠡᠪᠡᠯ ᠲᠠ ᠪᠠᠶᠢᠬᠤ ᠦᠬᠡᠢ ᠪᠤᠯᠴᠢᠬᠠᠪᠠᠯ ᠮᠢᠨᠤ | ᠬᠡᠳᠡᠰᠤ ᠡᠨᠡ ᠤᠴᠢᠷ ᠢ ᠮᠡᠳᠡᠬᠡᠳ ᠦᠬᠡᠷ᠎ᠡ ᠬᠡᠨ ᠴᠤ ᠮᠡᠳᠡᠬᠦ ᠦᠬᠡᠢ ᠪᠤᠯᠬᠤᠷ ᠠᠶᠤᠬᠤ ᠶᠠᠭᠤᠮ᠎ᠠ ᠦᠬᠡᠢ ᠬᠡᠳ | ᠮᠤᠤᠷ ᠤᠷᠤᠭᠤ ᠲᠠᠭᠠᠷᠢᠨ ᠤᠷᠤᠵᠠᠢ᠃ ᠦᠨᠡᠭᠡ ᠢᠷᠡᠬᠡᠳ ᠮᠢᠷᠢᠶᠠᠵᠤ ᠪᠠᠶᠢᠭᠰᠠᠨ ᠪᠤᠯᠬᠤᠷ ᠬᠦᠶᠤᠨ ᠭᠠᠷᠴᠤ | ᠢᠷᠡᠬᠡᠳ ᠠᠯᠠᠭ᠎ᠠ ᠲᠠᠰᠢᠵᠤ᠄ | — ᠵᠠ᠂ ᠶᠠᠭ ᠲᠠᠭᠠᠷᠠᠭᠰᠠᠨ᠂ ᠪᠠᠷᠰ ᠸᠠᠩ᠂ ᠮᠤᠤᠷ ᠤᠨ ᠮᠢᠬᠠᠨ ᠠᠴᠠ ᠨᠠᠳᠠ ᠴᠤ ᠬᠡᠰᠡᠨ ᠪᠠᠭ᠎ᠠ | ᠦᠯᠡᠳᠡᠭᠡ ᠳ᠋ᠠ︕ ᠬᠡᠵᠤ ᠬᠠᠰᠬᠢᠷᠴᠠᠢ᠃ ᠪᠠᠷᠰ ᠤᠨ ᠲᠠᠭᠠᠷᠢᠭᠰᠠᠨ ᠨᠢ ᠰᠢᠷᠤᠬᠦᠨ ᠪᠤᠯᠪᠠᠴᠤ ᠮᠤᠳᠤᠨ ᠳᠤ | ᠮᠦᠷᠬᠦᠬᠡᠳ ᠲᠤᠯᠤᠭᠠᠢ ᠨᠢ ᠲᠦᠢᠷᠡᠵᠤ ᠶᠠᠭᠤ ᠴᠤ ᠪᠠᠷᠢᠭᠰᠠᠨ ᠦᠬᠡᠢ ᠪᠦᠬᠡᠳ ᠶᠠᠭᠠᠬᠢᠭᠰᠠᠨ ᠢᠶᠠᠨ ᠴᠤ ᠮᠡᠳᠡᠬᠦ | ᠦᠬᠡᠢ ᠪᠤᠯᠵᠠᠢ᠃ ᠲᠡᠬᠡᠳᠡᠯ᠎ᠡ ᠪᠠᠭᠰᠢ ᠨᠢ ᠮᠤᠳᠤᠨ ᠤᠷᠤᠢ ᠲᠡᠬᠡᠷ᠎ᠡ ᠠᠴᠠ᠄ | — ᠱᠠᠪᠢ ᠮᠢᠨᠢ ᠬᠡᠮ ᠦᠬᠡᠢ ᠪᠢᠵᠡ᠂ ᠴᠢ ᠡᠨᠡ ᠮᠠᠭᠤ ᠦᠨᠡᠬᠡᠨ ᠠᠷᠭ᠎ᠠ ᠳᠤ ᠤᠷᠤᠭᠰᠠᠨ ᠶᠤᠮ ᠪᠠᠶᠢᠨ᠎ᠠ᠃ | ᠸᠠᠩ ᠰᠠᠭᠤᠬᠤ ᠬᠦᠮᠤᠨ ᠡᠨᠡ ᠲᠡᠷᠡ ᠬᠦᠮᠤᠨ ᠤ ᠠᠷᠭᠠᠨ ᠳᠤ ᠤᠷᠤᠵᠤ ᠪᠤᠯᠳᠠᠭ ᠦᠬᠡᠢ ᠶᠤᠮ ᠰᠢᠤ᠂ ᠪᠢ ᠤᠳᠤ | ᠬᠠᠮᠤᠭ ᠰᠡᠬᠦᠯ ᠤᠨ ᠰᠤᠷᠭᠠᠯ ᠢᠶᠠᠨ ᠬᠡᠯᠡᠶ᠎ᠡ ᠬᠡᠳ ᠮᠤᠳᠤᠨ ᠰᠠᠯᠠᠭᠠᠨ ᠲᠡᠬᠡᠷ᠎ᠡ ᠬᠡᠪᠳᠡᠬᠡᠳ ᠤᠨᠳᠠᠭᠠᠳ ᠦᠭᠴᠢᠬᠡᠵᠠᠢ᠃ | ᠪᠠᠷᠰ ᠶᠠᠭᠠᠬᠢᠵᠤ ᠵᠢᠳᠬᠦᠭᠰᠡᠨ ᠴᠤ ᠮᠤᠤᠷ ᠢ ᠪᠠᠷᠢᠵᠤ ᠲᠡᠶᠢᠯᠦᠭᠰᠡᠨ ᠦᠬᠡᠢ ᠬᠡᠨ᠎ᠡ᠃ ᠲᠡᠬᠡᠬᠡᠳ | ᠠᠭᠤᠷᠯᠠᠬᠤ ᠳᠤ ᠪᠠᠨ ᠬᠠᠵᠠᠭᠤ ᠳᠤ ᠨᠢ ᠵᠤᠭᠰᠤᠭᠠᠳ ᠢᠨᠢᠶᠡᠵᠤ ᠪᠠᠶᠢᠭᠰᠠᠨ ᠦᠨᠡᠭᠡ ᠶᠢ ᠭᠠᠭᠴᠠᠬᠠᠨ ᠠᠯᠠᠭᠠᠳᠠᠭᠠᠳ | ᠪᠠᠷᠢᠭᠠᠳ ᠢᠳᠡᠴᠢᠬᠡᠵᠠᠢ᠃ ᠲᠡᠬᠡᠬᠡᠳ ᠲᠠᠯ᠎ᠠ ᠳᠤ ᠤᠴᠢᠵᠤ ᠨᠢᠭᠤᠷ ᠪᠠᠷᠠᠬᠤ ᠠᠴᠠ ᠵᠤᠪᠠᠭᠠᠳ ᠠᠭᠤᠯᠠᠨ ᠳᠤ ᠭᠠᠷᠴᠤ | ᠮᠤᠳᠤ ᠰᠢᠭᠤᠢ ᠶᠢᠨ ᠲᠤᠮᠳᠠ ᠰᠠᠭᠤᠵᠤ ᠠᠷᠢᠶᠠᠳᠠᠨ ᠤ ᠪᠠᠨ ᠸᠠᠩ ᠢ ᠰᠠᠭᠤᠵᠠᠢ᠃ ᠮᠤᠤᠷ ᠴᠤ ᠲᠠᠬᠢᠵᠤ ᠪᠠᠷᠰ | ᠱᠠᠪᠢ ᠲᠠᠢ ᠪᠠᠨ ᠠᠭᠤᠯᠵᠠᠬᠤ ᠦᠬᠡᠢ ᠬᠡᠵᠤ ᠲᠠᠯ᠎ᠠ ᠳᠤ ᠭᠠᠷᠴᠤ ᠢᠷᠡᠬᠡᠳ ᠬᠦᠮᠤᠨ ᠠᠮᠢᠳᠠᠨ ᠤ ᠬᠡᠷ ᠪᠠᠷᠠᠳᠠᠵᠤ | ᠰᠠᠭᠤᠬᠤ ᠪᠤᠯᠤᠭᠰᠠᠨ ᠬᠡᠨ᠎ᠡ᠃ ︵ᠵᠠᠩᠭᠠᠨᠤᠷᠪᠤ︶ | | |