| | ᠬᠦᠮᠦᠨ ᠤ ᠤᠷᠴᠢᠯᠠᠩ ᠤᠨ ᠵᠢᠷᠭᠠᠯ ᠲᠠᠢ ᠠᠮᠢᠳᠤᠷᠠᠯ ᠢ ᠬᠠᠷᠠᠭᠠᠳ ᠬᠦᠭᠰᠢᠨ ᠴᠢᠳᠬᠦᠷ ᠵᠠᠭᠠᠨ | ᠱᠤᠯᠤᠮ ᠤᠳ ᠲᠠᠭᠠᠨ ︽ᠬᠦᠮᠦᠨ ᠤ ᠤᠷᠴᠢᠯᠠᠩ ᠳᠠᠩᠳᠡᠬᠦᠦ ᠵᠢᠷᠭᠠᠯ ᠲᠠᠢ ᠪᠠᠶᠢᠨ᠎ᠠ᠂ ᠡᠨᠡ ᠶᠠᠩᠵᠤ ᠪᠠᠷ ᠢᠶᠠᠨ | ᠪᠠᠶᠢᠪᠠᠯ ᠪᠢᠳᠡ ᠬᠢᠬᠦ ᠠᠵᠢᠯ ᠦᠬᠡᠢ ᠪᠤᠯᠵᠤ᠂ ᠡᠷᠯᠡᠭ ᠬᠠᠭᠠᠨ ᠳᠤ ᠪᠤᠷᠤᠭᠤᠳᠠᠨ᠎ᠠ︾ ᠭᠡᠳ ᠨᠢᠭᠡᠨ ᠵᠢᠭᠠᠯ ᠱᠤᠯᠤᠮ ᠢ | ᠳᠠᠷᠢᠶᠠᠴᠢᠨ ᠤ ᠳᠤ ᠳᠤᠮᠢᠯᠠᠨ ᠤᠴᠢᠭᠤᠯᠵᠤ᠂ ᠵᠢᠷᠭᠠᠯᠳᠤ ᠠᠮᠢᠳᠤᠷᠠᠯ ᠢ ᠨᠢ ᠪᠤᠰᠨᠢᠭᠤᠯᠬᠤ ᠭᠡᠪᠡ᠃ ᠵᠢᠭᠠᠯ ᠱᠤᠯᠤᠮ | ᠳᠠᠷᠢᠶᠠᠴᠢᠨ ᠤ ᠳᠤ ᠤᠴᠢᠭᠠᠳ ᠬᠠᠷᠠᠭᠰᠠᠨ ᠳᠤ ᠳᠡᠷᠡᠬᠦ ᠳᠠᠷᠢᠶᠠᠴᠢᠨ ᠮᠠᠰᠢ ᠠᠵᠢᠯᠴᠢ ᠬᠦᠳᠡᠯᠮᠦᠷᠢᠴᠢ ᠪᠤᠯᠪᠠᠴᠤ | ᠤᠯᠬᠤ ᠨᠢ ᠮᠠᠰᠢ ᠪᠠᠭ᠎ᠠ᠃ ᠭᠡᠪᠠᠴᠤ ᠳᠡᠷᠡ ᠳᠦᠢᠯ ᠤᠨ ᠰᠡᠳᠬᠢᠯ ᠬᠠᠨᠤᠮᠵᠢᠳᠠᠢ ᠪᠠᠶᠢᠵᠤ᠂ ᠡᠳᠦᠷᠵᠢᠨ ᠪᠠᠶᠠᠷ | ᠵᠢᠷᠭᠠᠯ ᠲᠠᠢ ᠪᠠᠶᠢᠯ᠎ᠠ᠃ ᠡᠨᠡ ᠳᠠᠷᠢᠶᠠᠴᠢᠨ ᠢ ᠶᠠᠭᠠᠬᠢᠪᠠᠯ ᠰᠠᠶ᠋ᠢ ᠪᠠᠶᠠᠷ ᠵᠢᠷᠭᠠᠯ ᠦᠬᠡᠢ ᠪᠤᠯᠭᠠᠵᠤ ᠴᠢᠳᠠᠬᠤ ᠪᠤᠢ ᠬᠡᠵᠦ | ᠤᠯᠠᠨ ᠠᠷᠭ᠎ᠠ ᠪᠤᠳᠤᠭᠠᠳ᠂ ᠳᠠᠷᠢᠶᠠᠴᠢᠨ ᠤ ᠳᠠᠷᠢᠶᠠᠨ ᠭᠠᠵᠠᠷ ᠢ ᠨᠢ ᠤᠯᠠᠮ ᠬᠠᠳᠠᠭᠤ ᠪᠤᠯᠭᠠᠪᠡᠯ᠂ ᠳᠠᠷᠢᠶᠠᠴᠢᠨ ᠢ | ᠶᠠᠳᠠᠷᠠᠵᠤ ᠳᠦᠢᠯᠳᠤᠬᠤ ᠳᠠᠭᠠᠨ ᠪᠠᠶᠠᠷ ᠵᠢᠷᠭᠠᠯ ᠦᠬᠡᠢ ᠪᠤᠯᠤᠨ᠎ᠠ ᠬᠡᠵᠦ ᠰᠠᠨᠠᠪᠠ᠃ ᠳᠠᠷᠢᠶᠠᠴᠢᠨ ᠴᠢᠯᠠᠭᠤᠵᠢᠭᠰᠠᠨ | ᠭᠠᠵᠠᠷ ᠢᠶᠠᠨ ᠬᠦᠷᠵᠡ ᠪᠠᠷ ᠤᠷᠪᠠᠭᠤᠯᠵᠤ ᠪᠤᠯᠬᠤ ᠦᠬᠡᠢ ᠪᠤᠯᠤᠭᠰᠠᠨ ᠳᠤ ᠵᠡᠭᠡᠳᠦᠦ ᠪᠠᠷ ᠮᠠᠯᠳᠠᠨ᠂ ᠮᠠᠰᠢ ᠶᠠᠳᠠᠷᠠᠯᠳᠠᠢ | ᠴᠤ ᠠᠬᠢᠨ ᠳᠠᠬᠢᠨ ᠠᠮᠠᠷᠴᠤ ᠪᠠᠶᠢᠭᠠᠳ ᠳᠠᠷᠢᠶ᠎ᠠ ᠪᠠᠨ ᠳᠠᠷᠢᠵᠤ ᠳᠠᠭᠤᠰᠬᠠᠵᠠᠢ᠃ ᠭᠡᠪᠡᠴᠦ ᠳᠡᠷᠡ ᠦᠴᠦᠭᠡᠨ ᠴᠤ | ᠭᠤᠮᠤᠳᠠᠯ ᠪᠠᠶᠢᠬᠤ ᠦᠬᠡᠢ᠂ ᠮᠦᠨ ᠪᠠᠶᠠᠷ ᠵᠢᠷᠭᠠᠯ ᠲᠠᠢ ᠪᠠᠶᠢᠯ᠎ᠠ᠃ ᠳᠠᠷᠢᠶᠠᠴᠢᠨ ᠢ ᠪᠠᠶᠠᠷ ᠵᠢᠷᠭᠠᠯ ᠦᠬᠡᠢ ᠪᠤᠯᠭᠠᠵᠤ | ᠴᠢᠳᠠᠬᠤ ᠦᠬᠡᠢ ᠪᠠᠨ ᠮᠡᠳᠡᠭᠡᠳ ᠵᠢᠭᠠᠯ ᠱᠤᠯᠤᠮ ᠤᠷᠮ᠎ᠠ ᠦᠬᠡᠢ ᠪᠤᠴᠠᠵᠠᠢ᠃ | ᠬᠦᠭᠰᠢᠨ ᠴᠢᠳᠬᠦᠷ ᠪᠠᠰᠠ ᠨᠢᠭᠡ ᠵᠢᠭᠠᠬᠠᠨ ᠱᠤᠯᠤᠮ ᠢᠶᠠᠨ ᠶᠠᠪᠤᠭᠤᠯᠪᠠ᠃ ᠬᠤᠶᠠᠳᠤᠭᠠᠷ ᠱᠤᠯᠤᠮ | ᠪᠤᠳᠤᠬᠤ ᠳᠠᠭᠠᠨ᠂ ᠶᠠᠳᠠᠷᠠᠭᠠᠭᠠᠳ ᠳᠤᠰᠠ ᠦᠬᠡᠢ ᠶᠤᠮ ᠪᠤᠯ ᠪᠠᠶᠢᠳᠠᠭ ᠶᠠᠭᠤᠮ᠎ᠠ ᠶᠢ ᠨᠢ ᠬᠤᠯᠠᠭᠠᠢᠢᠯᠠᠭᠠᠳ ᠶᠠᠪᠤᠶ᠎ᠠ᠃ | ᠢᠳᠡᠬᠦ ᠴᠤ ᠶᠠᠭᠤᠮ᠎ᠠ ᠦᠬᠡᠢ ᠪᠤᠯᠪᠠᠯ ᠡᠨᠡ ᠳᠠᠷᠢᠶᠠᠴᠢᠨ ᠶᠠᠳᠠᠷᠠᠵᠤ ᠳᠦᠢᠯᠳᠠᠨ᠂ ᠦᠯᠦᠰᠴᠦ ᠤᠮᠳᠠᠭᠠᠰᠤᠨ | ᠬᠠᠷᠢᠵᠤ ᠢᠷᠡᠬᠦ ᠳᠤᠨᠢ ᠢᠳᠡᠬᠦ ᠶᠠᠭᠤᠮ᠎ᠠ ᠪᠠᠶᠢᠳᠤᠭᠠᠢ᠂ ᠤᠤᠭᠤᠬᠤ ᠴᠤ ᠤᠰᠤ ᠦᠬᠡᠢ ᠪᠠᠶᠢᠪᠠᠯ ᠯᠠᠪᠳᠠᠢ | ᠳᠠᠯᠪᠠᠷᠠᠳᠠᠯ᠎ᠠ ᠪᠠᠨ ᠠᠭᠤᠷᠯᠠᠬᠤ ᠶᠤᠮ ᠭᠡᠳ ᠢᠳᠡᠬᠦ ᠤᠤᠭᠤᠬᠤ ᠪᠠᠶᠢᠳᠠᠭ ᠶᠠᠭᠤᠮ᠎ᠠ ᠶᠢ ᠨᠢ ᠠᠪᠤᠭᠠᠳ ᠶᠠᠪᠤᠵᠠᠢ᠃ | ᠳᠠᠷᠢᠶᠠᠴᠢᠨ ᠦᠯᠦᠰᠴᠦ ᠤᠮᠳᠠᠭᠠᠰᠤᠭᠠᠳ᠂ ᠮᠤᠳᠤᠨ ᠤ ᠳᠤᠤᠷ᠎ᠠ ᠢᠷᠡᠵᠤ᠂ ᠢᠳᠠᠬᠦ ᠤᠤᠭᠤᠬᠤ ᠶᠠᠭᠤᠮ᠎ᠠ ᠪᠠᠨ | ᠡᠷᠢᠭᠰᠡᠨ ᠳᠤ ᠴᠥᠮ ᠠᠯᠠᠭ᠎ᠠ ᠪᠤᠯᠤᠭᠰᠠᠨ ᠪᠠᠶᠢᠪᠠ᠃ ᠳᠠᠷᠢᠶᠠᠴᠢᠨ ᠠᠭᠤᠷᠯᠠᠨ ᠪᠤᠬᠢᠨᠢᠳᠤᠭᠰᠠᠨ ᠦᠬᠡᠢ ᠬᠠᠷᠢᠨ ︽ | ᠨᠠᠳᠠ ᠠᠴᠠ ᠬᠦᠬᠡᠷᠦᠬᠡᠶᠢᠯᠡᠯᠳᠡᠢ ᠠᠮᠢᠳᠠᠨ ᠢᠷᠡᠵᠦ᠂ ᠮᠢᠨᠦ ᠢᠳᠡᠬᠦ ᠤᠤᠭᠤᠬᠤ ᠶᠠᠭᠤᠮ᠎ᠠ ᠶᠢ ᠠᠪᠤᠭᠠᠳ ᠶᠠᠪᠤᠭᠰᠠᠨ | ᠪᠠᠶᠢᠬ᠎ᠠ᠃ ᠮᠢᠨᠦ ᠢᠳᠡᠬᠦ ᠤᠤᠭᠤᠬᠤ ᠶᠠᠭᠤᠮ᠎ᠠ ᠳᠡᠬᠦᠨ ᠢ ᠨᠢᠭᠡᠨ ᠴᠠᠭ ᠴᠠᠳᠬᠤᠭᠠᠵᠤ ᠴᠢᠳᠠᠭᠰᠠᠨ ᠪᠤᠯ ᠪᠤᠯᠵᠠᠢ︾ | ᠬᠡᠵᠦ ᠪᠤᠳᠤᠪᠠ᠃ ᠬᠤᠶᠠᠳᠤᠭᠠᠷ ᠱᠤᠯᠤᠮ ᠮᠦᠨ ᠢᠷᠡᠭᠰᠡᠨ ᠮᠦᠷ ᠢᠶᠠᠷ ᠢᠶᠠᠨ ᠪᠤᠴᠠᠯ᠎ᠠ᠃ ᠬᠦᠭᠰᠢᠨ ᠴᠢᠳᠬᠦᠷ ᠡᠨᠡ | ᠮᠠᠭᠤ ᠳᠠᠷᠢᠶᠠᠴᠢᠨ ᠢ ᠴᠤ ᠮᠠᠭᠤ ᠵᠠᠩ ᠲᠠᠢ ᠪᠤᠯᠭᠠᠵᠤ ᠴᠢᠳᠠᠬᠤ ᠦᠬᠡᠢ ᠬᠡᠵᠦ ᠤᠤ︖ ᠬᠡᠮᠡᠨ ᠳᠠᠷᠢᠬᠢ ᠪᠠᠨ | ᠭᠠᠰᠢᠯᠭᠠᠨ᠂ ᠡᠯᠳᠡᠪ ᠠᠷᠭ᠎ᠠ ᠪᠢᠰᠢᠯᠭᠠᠨ ᠪᠠᠶᠢᠳᠠᠯ᠎ᠠ ᠨᠢᠭᠡᠨ ᠴᠤᠪᠤᠭᠤ ᠱᠤᠯᠤᠮ ᠭᠠᠷᠴᠤ ᠢᠷᠡᠭᠡᠳ ︽ᠨᠠᠳᠠ ᠠᠷᠭ᠎ᠠ | ᠪᠠᠶᠢᠨ᠎ᠠ᠃ ᠪᠢ ᠯᠠᠪᠳᠠᠢ ᠳᠡᠷᠡ ᠳᠠᠷᠢᠶᠠᠴᠢᠨ ᠢ ᠮᠠᠭᠤ ᠵᠠᠩ ᠲᠠᠢ ᠪᠤᠯᠭᠠᠨ᠂ ᠪᠠᠶᠠᠷ ᠵᠢᠷᠭᠠᠯ ᠦᠬᠡᠢ ᠪᠤᠯᠭᠠᠵᠤ | ᠴᠢᠳᠠᠨ᠎ᠠ︾ ᠭᠡᠰᠡᠨ ᠳᠤ ᠳᠡᠬᠦᠨ ᠢ ᠶᠠᠪᠤᠭᠤᠯᠪᠠ᠃ ᠵᠢᠭᠠᠬᠠᠨ ᠱᠤᠯᠤᠮ ᠤᠴᠢᠭᠠᠳ ᠳᠡᠷᠡ ᠳᠠᠷᠢᠶᠠᠴᠢᠨ ᠲᠠᠢ ᠰᠠᠶᠢᠨ | ᠨᠠᠶᠢᠵᠠ ᠪᠤᠯᠵᠤ᠂ ᠠᠵᠢᠯ ᠪᠦᠬᠦᠨ ᠳᠤᠨᠢ ᠬᠠᠪᠰᠤᠷᠴᠤ ᠳᠤᠰᠠᠯᠠᠳᠠᠭ ᠲᠤ ᠳᠠᠷᠢᠶᠠᠴᠢᠨ ᠶᠡᠭᠡ ᠯᠡ ᠪᠠᠶᠠᠷ ᠲᠠᠢ ᠪᠠᠶᠢᠯ᠎ᠠ᠃ | ᠱᠤᠯᠤᠮ ᠶᠠᠭᠤᠮ᠎ᠠ ᠶᠢ ᠤᠷᠢᠳᠴᠢᠯᠠᠨ ᠮᠡᠳᠡᠳᠡᠭ ᠪᠤᠯᠬᠤᠷ ᠬᠠᠪᠤᠷ ᠪᠤᠯᠬᠤ ᠳᠤ ᠳᠠᠷᠢᠶᠠᠴᠢᠨ ᠳᠤ ᠤᠴᠢᠭᠠᠳ ︽ᠡᠨᠡ | ᠬᠠᠪᠤᠷ ᠭᠠᠨᠭ᠍ᠳᠠᠵᠤ ᠮᠡᠳᠡᠨ᠎ᠡ᠃ ᠳᠠᠷᠢᠶ᠎ᠠ ᠪᠠᠨ ᠭᠤᠤᠯ ᠤᠨ ᠳᠤᠬᠤᠢ ᠳᠤ ᠳᠠᠷᠢᠪᠠᠯ ᠰᠠᠶᠢᠨ︾ ᠬᠡᠵᠦ ᠵᠦᠪᠯᠠᠵᠠᠢ᠃ | ᠳᠠᠷᠢᠶᠠᠴᠢᠨ ᠦᠬᠡ ᠪᠠᠷ ᠨᠢ ᠳᠠᠷᠢᠶ᠎ᠠ ᠪᠠᠨ ᠭᠤᠤᠯ ᠳᠤ ᠳᠠᠷᠢᠭᠠᠳ ᠡᠯᠪᠡᠭ ᠬᠤᠷᠢᠶᠠᠯᠳᠠ ᠤᠯᠤᠭᠰᠠᠨ ᠪᠠᠶᠢᠬᠤ ᠳᠤ᠂ | ᠪᠤᠰᠤᠳ ᠳᠠᠷᠢᠶᠠᠴᠢᠳ ᠤᠯᠢᠭ ᠲᠠᠢ ᠬᠤᠷᠢᠶᠠᠯᠳᠠ ᠦᠬᠡᠢ ᠪᠠᠶᠢᠯ᠎ᠠ᠃ ᠡᠨᠡ ᠮᠡᠳᠦ ᠪᠠᠷ ᠱᠤᠯᠤᠮ ᠳᠠᠷᠡ | ᠳᠠᠷᠢᠶᠠᠴᠢᠨ ᠳᠤ ᠬᠠᠪᠤᠷ ᠪᠤᠯᠭᠠᠨ ᠶᠠᠭᠤ ᠶᠢ ᠬᠠᠮᠢᠭ᠎ᠠ ᠳᠠᠷᠢᠪᠠᠯ ᠰᠠᠶᠢᠨ ᠵᠡᠷᠭᠡ ᠪᠠᠷ ᠠᠷᠭ᠎ᠠ ᠤᠬᠠᠭᠠᠨ ᠵᠢᠭᠠᠭᠰᠠᠨ ᠤ | ᠰᠠᠶᠢᠨ ᠢᠶᠠᠷ ᠳᠡᠷᠡ ᠳᠠᠷᠢᠶᠠᠴᠢᠨ ᠭᠤᠷᠪᠠᠭ᠋ᠠᠨ ᠵᠢᠯ ᠳᠤ ᠪᠠᠶᠠᠨ ᠳᠠᠷᠢᠶᠠᠴᠢᠨ ᠪᠤᠯᠵᠠᠢ᠃ ᠪᠠᠶᠠᠨ ᠳᠠᠷᠢᠶᠠᠴᠢᠨ ᠤ ᠳᠠᠷᠢᠶ᠎ᠠ | ᠪᠤᠳᠠᠭ᠎ᠠ ᠨᠢ ᠢᠳᠡᠵᠦ ᠬᠤᠳᠠᠯᠳᠤᠭᠠᠳ ᠪᠠᠷᠠᠬᠤ ᠦᠬᠡᠢ ᠡᠯᠪᠡᠭ ᠳᠡᠯᠪᠡᠭ ᠪᠤᠯᠬᠤ ᠶᠢᠨ ᠦᠶ᠎ᠡ ᠳᠤ ᠱᠤᠯᠤᠮ | ᠳᠠᠷᠢᠶᠠᠴᠢᠨ ᠳᠤ ᠳᠠᠷᠢᠶ᠎ᠠ ᠪᠤᠳᠠᠭ᠎ᠠ ᠪᠠᠨ ᠢᠰᠭᠡᠭᠡᠨ᠂ ᠠᠷᠢᠬᠢ ᠨᠡᠷᠡᠪᠡᠯ ᠨᠡᠩ ᠶᠡᠭᠡ ᠵᠤᠭᠤᠰ ᠮᠦᠡᠭᠬᠦ ᠲᠠᠢ ᠪᠤᠯᠬᠤ ᠶᠢ | ᠵᠢᠭᠠᠵᠤ ᠦᠭᠬᠦᠭᠰᠡᠨ ᠢᠶᠠᠷ ᠢᠯᠵᠠ ᠪᠠᠶᠠᠵᠢᠭᠠᠳ ᠪᠠᠰᠨ ᠰᠡᠳᠬᠢᠯ ᠬᠠᠨᠤᠬᠤ ᠦᠬᠡᠢ ᠪᠤᠯᠵᠤ᠂ ᠨᠡᠩ ᠶᠡᠭᠡ ᠠᠷᠠᠯᠵᠢᠶ᠎ᠠ | ᠮᠠᠶᠢᠮᠠᠢ ᠬᠢᠬᠦ ᠪᠤᠯᠵᠠᠢ᠃ | ᠨᠢᠬᠡᠨ ᠡᠳᠦᠷ ᠬᠦᠭᠰᠢᠨ ᠴᠢᠳᠬᠦᠷ ᠢᠷᠡᠭᠰᠡᠨ ᠳᠤ ᠵᠢᠭᠠᠬᠠᠨ ᠱᠤᠯᠤᠮ ︽ᠲᠠ ᠦᠵᠡᠬᠡᠴᠢ᠂ ᠮᠢᠨᠦ ᠵᠤᠷᠢᠯᠳᠠ | ᠪᠠᠶᠡᠯᠡᠬᠦ ᠬᠡᠵᠦ ᠪᠠᠶᠢᠨ᠎ᠠ᠃ ᠡᠨᠡ ᠳᠠᠷᠢᠶᠠᠴᠢᠨ ᠤ ᠰᠤᠳᠠᠯ ᠳᠤ ᠤᠳᠤ ᠬᠦᠮᠦᠨ ᠤ ᠴᠢᠰᠤ ᠪᠢᠰᠢ ᠭᠠᠭ᠋ᠠᠢ ᠶᠢᠨ ᠴᠢᠰᠤ | ᠤᠷᠤᠰᠬᠤ ᠪᠤᠯᠪᠠ︾ ᠬᠡᠪᠡ᠃ ᠬᠠᠷᠠᠵᠤ ᠪᠠᠶᠢᠳᠠᠯ᠎ᠠ ᠪᠠᠶᠠᠨ ᠪᠤᠯᠤᠭᠰᠠᠨ ᠳᠠᠷᠢᠶᠠᠴᠢᠨ ᠶᠡᠭᠡ ᠪᠠᠷ ᠵᠤᠴᠢᠨ ᠳᠠᠶᠢᠯᠠᠬᠤ | ᠪᠤᠯᠵᠤ᠂ ᠨᠤᠳᠤᠭ ᠤᠨ ᠢᠶᠠᠨ ᠪᠤᠢ ᠪᠦᠬᠦᠢ ᠪᠠᠶᠠᠴᠤᠳ ᠢ ᠤᠷᠢᠨ ᠠᠪᠴᠢᠷᠠᠨ᠂ ᠰᠢᠷᠡᠭᠡ ᠳᠦᠬᠦᠷᠡᠩ ᠠᠮᠳᠠᠳᠤ | ᠢᠳᠡᠭᠡᠨ ᠢᠶᠠᠷ ᠵᠤᠴᠢᠯᠠᠨ᠂ ᠰᠠᠶᠢᠨ ᠠᠷᠢᠬᠢ ᠪᠠᠷ ᠳᠠᠶᠢᠯᠠᠯᠠ᠃ ᠳᠠᠳᠠ ᠠᠰᠬᠠᠵᠤ ᠴᠢᠳᠬᠤᠨ ᠢᠳᠡᠵᠦ ᠤᠤᠭᠤᠨ᠂ | ᠠᠮᠳᠠᠳᠤ ᠵᠠᠭᠤᠰᠢ ᠰᠠᠶᠢᠨ ᠠᠷᠢᠬᠢ ᠶᠢ ᠳᠤᠷ᠎ᠠ ᠪᠠᠷ ᠪᠦᠷᠢᠯᠭᠡᠨ ᠰᠦᠢᠳᠬᠡᠬᠦ ᠶᠢᠨ ᠬᠠᠮᠳᠤ᠂ ᠮᠠᠯ ᠪᠤᠯᠳᠠᠯ᠎ᠠ ᠪᠠᠨ | ᠰᠤᠭᠳᠤᠵᠠᠭᠠᠨ᠂ ᠭᠠᠭ᠋ᠠᠢ ᠰᠢᠭ᠋ ᠳᠡᠨᠡᠭ ᠪᠤᠯᠵᠠᠭᠠᠵᠠᠢ᠃ ᠱᠤᠯᠤᠮ ᠪᠠᠭᠰᠢ ᠳᠠᠭᠠᠨ ︽ᠲᠠ ᠬᠠᠷᠠᠵᠤ ᠪᠠᠶᠢᠭ᠎ᠠ ᠪᠢᠵᠡ︖ | ᠳᠡᠳᠡ ᠤᠳᠤ ᠴᠢᠨ᠋ᠸ᠎ᠠ ᠶᠢᠨ ᠴᠢᠰᠤ ᠲᠠᠢ ᠪᠤᠯᠵᠤ ᠪᠠᠶᠢᠨ᠎ᠠ︾ ᠬᠡᠪᠡ᠃ ᠨᠢᠭᠡᠨ ᠵᠠᠷᠤᠴᠠ ᠠᠮᠳᠠᠳᠤ ᠦᠵᠦᠮ ᠤᠨ | ᠠᠷᠢᠬᠢ ᠠᠪᠴᠢᠷᠠᠵᠤ ᠪᠠᠶᠢᠭᠠᠳ ᠪᠤᠯᠭᠤᠮᠵᠢ ᠦᠬᠡᠢ ᠤᠢᠢᠴᠢᠨ᠂ ᠪᠤᠳᠤᠩ ᠲᠠᠢ ᠠᠷᠢᠬᠢ ᠪᠠᠨ ᠴᠦᠮ ᠢ | ᠠᠰᠬᠠᠭᠰᠠᠨ ᠳᠤ ᠦᠨᠦᠬᠢ ᠳᠠᠷᠢᠶᠠᠴᠢᠨ ᠳᠠᠴᠢᠶᠠᠳᠠᠨ ᠠᠭᠤᠷᠯᠠᠬᠤ ᠳᠤ ᠵᠠᠷᠤᠴᠠ ︽ᠪᠢᠳᠡ ᠬᠤᠭᠤᠯᠠ ᠴᠤ ᠢᠳᠡᠭᠰᠡᠨ | ᠦᠬᠡᠢ ᠪᠤᠯᠬᠤᠷ ᠬᠦᠯ ᠢᠶᠠᠨ ᠴᠤ ᠳᠠᠭᠠᠬᠤ ᠦᠬᠡᠢ ᠪᠤᠯᠵᠠᠢ︾ ᠬᠡᠵᠦ ᠭᠤᠮᠤᠳᠠᠯ ᠳᠤᠭᠠᠴᠢᠬᠤ ᠳᠤ ᠳᠠᠷᠢᠶᠠᠴᠢᠨ ᠨᠡᠩ | ᠠᠭᠤᠷᠯᠠᠨ ︽ᠠᠵᠢᠯ ᠢᠶᠠᠨ ᠴᠤ ᠬᠢᠵᠦ ᠪᠠᠷᠠᠭᠠᠳᠤᠢ ᠪᠠᠷ ᠶᠠᠮᠠᠷ ᠬᠤᠭᠤᠯᠠ ᠪᠠᠨ ᠢᠳᠡᠬᠦ ᠶᠤᠮ︾ ᠬᠡᠮᠡᠨ ᠵᠠᠷᠤᠴᠠ ᠶᠢ | ᠴᠤᠬᠢᠵᠤ ᠵᠠᠨᠴᠢᠪᠠ᠃ ᠡᠬᠦᠨ ᠢ ᠬᠠᠷᠠᠭᠰᠠᠨ ᠬᠦᠭᠰᠢᠨ ᠴᠢᠳᠬᠦᠷ ᠶᠡᠭᠡ ᠯᠡ ᠪᠡᠶᠡᠷᠯᠡᠨ ︽ᠪᠤᠯᠵᠤ ᠪᠠᠶᠢᠨ᠎ᠠ᠃ ᠮᠢᠨᠦ | ᠱᠠᠪᠢ ᠦᠨᠡᠭᠡᠷ ᠤᠬᠠᠭᠠᠨ ᠲᠠᠢ︾ ᠬᠡᠵᠦ ᠵᠢᠭᠠᠬᠠᠨ ᠱᠤᠯᠤᠮ ᠢ ᠮᠠᠭᠳᠠᠭᠰᠠᠨ ᠳᠤ ᠵᠢᠭᠠᠬᠠᠨ ᠱᠤᠯᠤᠮ ︽ᠪᠢ ᠵᠦᠪᠬᠡᠨ | ᠳᠡᠬᠦᠨ ᠳᠤ ᠦᠪᠡᠷ ᠤᠨ ᠭᠡᠷᠡᠭᠴᠡᠭᠡ ᠠᠴᠠ ᠨᠢ ᠢᠯᠡᠬᠦᠦ ᠶᠢ ᠤᠯᠭᠤᠭᠰᠠᠨ ᠳᠡᠳᠦᠢ᠃ ᠳᠡᠷᠡ ᠡᠬᠦᠨ ᠳᠤ ᠶᠠᠪᠤᠬᠤ | ᠳᠤᠳᠤᠮ ᠰᠢᠨᠤᠭᠠᠳ ᠡᠶᠢᠮᠦ ᠪᠤᠯᠤᠭᠰᠠᠨ ᠶᠤᠮ︾ ᠬᠡᠪᠡ᠃ ᠰᠢᠨᠤᠯ ᠭᠡᠮᠡᠭᠴᠢ ᠢᠡᠭᠬᠢᠵᠦ ᠯᠡ ᠬᠦᠮᠦᠨ ᠢ ᠬᠦᠮᠦᠨ | ᠪᠢᠰᠢ ᠪᠤᠯᠭᠠᠳᠠᠭ ᠠᠵᠢ᠃ | | |