ᠬᠦᠬᠡ ᠮᠣᠩᠭᠤᠯ ᠤᠨ ᠬᠦᠬᠡ ᠲᠤᠭ | ︵ᠹᠷᠠᠨᠼᠢ︶ ᠯᠸᠣᠨ᠋ᠨ ᠺᠦᠨ᠋ᠨ ᠵᠣᠬᠢᠶᠠᠪᠠ | ︵ᠪᠦᠷᠢᠶᠠᠳ︶ ᠵ᠊ · ᠴᠠᠸᠡᠩ ᠣᠷᠴᠢᠭᠤᠯᠪᠠ | | ᠨᠢᠭᠡ ᠮᠢᠩᠭ᠎ᠠ ᠨᠢᠭᠡᠨ ᠵᠠᠭᠤᠨ ᠶᠡᠷᠡᠨ ᠲᠦᠷᠪᠡᠳᠦᠭᠡᠷ ᠣᠨ ᠳᠤᠷ ᠠᠽᠢᠶ᠎ᠠ ᠲᠢᠪ ᠤᠨ ᠠᠯᠳᠠᠷᠳᠣ ᠶᠡᠭᠡ ᠣᠷᠣᠨ ᠳᠤᠷ | ᠡᠪᠦᠯ ᠢᠨᠣ ᠬᠦᠢᠳᠡᠨ ᠴᠠᠰᠣᠨ ᠶᠡᠭᠡ᠂ ᠬᠤᠳᠣᠩ ᠤᠨ ᠨᠣᠳᠤᠭ ᠲᠣᠩ ᠴᠠᠭᠠᠨ ᠪᠣᠯᠵᠦ ᠨᠢᠳᠣ ᠬᠢᠯᠪᠠᠮᠦᠢ᠃ ᠲᠢᠶᠡᠨ | ᠱᠠᠨ ᠬᠡᠮᠡᠬᠦ ᠲᠡᠭᠷᠢ ᠠᠭᠤᠯᠨ ᠶᠢᠨ ᠣᠯᠠᠨ ᠦᠨᠳᠦᠷ ᠤᠳ ᠬᠦᠬᠡ ᠣᠭᠳᠠᠷᠭᠤᠢ ᠯᠤᠭ᠎ᠠ ᠰᠠᠴᠣᠭᠤ ᠦᠵᠡᠭᠳᠡᠭᠡᠳ | ᠪᠠᠯ ᠠᠴᠠ ᠲᠣᠷᠣᠭᠰᠢ ᠬᠠᠷᠠᠩᠭᠤᠢ ᠮᠠᠨᠠᠨ ᠪᠣᠳᠠᠩ ᠡᠬᠦᠯᠨ ᠮᠡᠳᠣ ᠲᠠᠳᠠᠵᠦ ᠣᠷᠴᠢᠨ ᠲᠣᠭᠤᠷᠢᠨ ᠴᠢᠮᠡᠭᠡ ᠠᠨᠢᠷ | ᠦᠬᠡᠢ ᠪᠠᠶᠢᠳᠠᠯ᠎ᠠ᠂ ᠲᠣᠷᠣᠨ᠎ᠠ ᠵᠦᠭ ᠤᠨ ᠠᠭᠤᠯᠠᠰ ᠤᠨ ᠣᠷᠣᠢ ᠲᠡᠭᠡᠭᠦᠷ ᠴᠠᠭᠠᠨ ᠲᠣᠶᠠᠭ᠎ᠠ ᠴᠠᠶᠢᠵᠦ | ᠦᠨᠳᠦᠷ ᠤᠳ ᠢ ᠲᠠᠪᠠᠭᠰᠠᠭᠠᠷ ᠨᠠᠷᠠᠨ ᠮᠠᠨᠳᠣᠬᠤᠢ ᠯᠤᠭ᠎ᠠ ᠬᠡᠳᠦᠷᠬᠡᠢ ᠠᠭᠤᠳᠠᠮ ᠴᠠᠭᠠᠨ ᠲᠠᠯ᠎ᠠ ᠳᠤ ᠠᠳᠡ | ᠲᠡᠨᠳᠡ ᠠᠴᠠ ᠣᠳᠣᠭᠠᠨ ᠪᠣᠷ ᠪᠣᠷ ᠣᠷᠭᠢᠯᠣᠨ ᠭᠠᠷᠣᠭᠠᠳ ᠮᠠᠨᠠᠭᠠᠨ ᠤ ᠠᠳᠣᠭᠤᠳ ᠢᠨᠴᠠᠭᠠᠬᠤ ᠰᠣᠨᠣᠰᠳᠠᠮᠣᠢ᠃ | ᠡᠨᠡ ᠣᠯᠠᠨ ᠰᠦᠷᠦᠭ ᠤᠳ ᠬᠡᠨ ᠤ ᠪᠣᠯᠣᠮᠣᠢ ᠬᠡᠮᠡᠨ ᠠᠰᠠᠭᠤᠪᠠᠰᠣ ᠯᠠᠯᠣ ᠶᠢᠨ ᠮᠦᠷᠭᠦᠯ ᠲᠠᠢ ᠣᠶᠢᠭᠤᠷ ᠠᠶᠢᠮᠠᠭ | ᠨᠡᠬᠦᠵᠦ ᠢᠷᠡᠭᠡᠳ ᠢᠰᠡᠭ ᠬᠦᠯ ᠨᠠᠭᠤᠷ ᠤᠨ ᠬᠦᠪᠡᠭᠡ ᠳᠠᠬᠢ ᠠᠯᠮᠠᠳᠣ ᠬᠤᠳᠠ ᠶᠢᠨ ᠣᠷᠴᠢᠨ ᠡᠪᠦᠯᠵᠢᠨ | ᠨᠣᠳᠣᠭᠯᠠᠮᠣᠢ᠃ ᠡᠨᠡᠬᠦ ᠣᠶᠢᠭᠤᠷ ᠠᠶᠢᠮᠠᠭ ᠤᠨ ᠡᠵᠡᠨ ᠢᠬᠡᠳᠦᠯᠮᠡᠭ ᠤᠨ ᠪᠡᠶ᠎ᠡ ᠦᠷᠯᠦᠭᠡ ᠡᠷᠳᠡ ᠪᠣᠰᠣᠭᠠᠳ | ᠮᠣᠷᠢᠳ ᠤᠨ ᠬᠠᠰᠢᠶᠠᠨ ᠤ ᠡᠬᠦᠳᠡᠨ ᠳᠤ ᠬᠦᠷᠴᠦ ᠡᠴᠢᠭᠡᠳ ᠰᠠᠶᠢᠬᠠᠨ ᠴᠠᠭᠠᠨ ᠮᠣᠷᠢᠨ ᠢᠶᠠᠨ ᠦᠬᠡᠢ ᠪᠣᠯᠣᠭᠰᠠᠨ ᠢ | ᠦᠵᠡᠵᠦ ᠶᠡᠬᠡᠳᠡ ᠰᠣᠴᠢᠨ ᠠᠮᠨ ᠪᠠᠨ ᠠᠩᠭᠠᠶᠢᠭᠠᠳ ᠴᠢᠷᠠᠢ ᠠᠨᠣ ᠣᠯᠠᠶᠢᠨ᠂ ᠬᠠᠳᠠᠩᠬᠢᠷ ᠬᠤᠷᠣᠭᠤ ᠪᠠᠨ ᠲᠡᠮᠡᠶᠢᠯᠨ | ᠮᠣᠰᠬᠢᠯᠠᠨ ᠭᠠᠶᠢᠬᠠᠨ ᠵᠣᠭᠰᠣᠵᠣᠬᠤᠢ᠃ ᠮᠣᠷᠢᠨ ᠤ ᠪᠠᠶᠢᠭᠰᠠᠨ ᠭᠠᠵᠠᠷ ᠢ ᠬᠢᠨᠠᠵᠦ ᠦᠵᠡᠪᠡᠰᠦ ᠣᠶᠠᠭ᠎ᠠ ᠪᠠᠨ | ᠲᠠᠰᠣᠯᠣᠭᠠᠳ ᠶᠠᠪᠣᠵᠣᠬᠤᠢ᠃ | ᠲᠡᠨᠳᠡ ᠠᠴᠠ ᠬᠤᠷᠳᠣᠨᠠ ᠬᠡᠬᠡᠷ᠎ᠡ ᠭᠠᠵᠠᠷ ᠭᠠᠷᠴᠦ ᠬᠠᠶᠢᠷᠠᠲᠠᠢ ᠮᠣᠷᠢ ᠪᠠᠨ ᠢᠰᠭᠡᠷᠦᠨ ᠲᠠᠭᠤᠳᠠᠵᠦ ᠭᠠᠷ ᠢᠶᠠᠨ | ᠴᠢᠬᠢᠨ ᠳᠡᠭᠡᠨ ᠪᠠᠷᠢᠨ ᠴᠢᠩᠨᠠᠪᠠᠰᠣ ᠲᠦᠪᠡᠷᠭᠡᠨ ᠦᠯᠦ ᠰᠣᠨᠣᠰᠳᠠᠨ᠂ ᠶᠠᠮᠪᠠᠷ ᠴᠣ᠋ ᠴᠢᠮᠡᠭᠡ ᠠᠨᠢᠷ ᠭᠠᠷᠣᠭᠰᠠᠨ ᠦᠬᠡᠢ | ᠠᠵᠣᠭᠤ᠃ ᠬᠠᠷᠢᠨ ᠲᠡᠷᠭᠡᠳᠡ ᠨᠢ ᠪᠣᠭᠤᠯᠴᠣᠳ ᠲᠣᠭᠤᠷᠢᠨ ᠡᠯᠢᠭᠡ ᠪᠠᠨ ᠲᠡᠪᠡᠷᠢᠵᠦ ᠡᠵᠡᠨ ᠤ ᠵᠠᠷᠯᠢᠭ ᠢ ᠬᠦᠯᠢᠶᠡᠨ | ᠵᠣᠭᠰᠣᠵᠣᠬᠤᠢ᠃ ᠡᠵᠡᠨ ᠰᠠᠶ᠋ᠢ ᠠᠮᠨ ᠨᠡᠬᠡᠬᠡᠵᠦ ︽ᠮᠣᠷᠢᠳ ᠢᠶᠠᠨ ᠡᠮᠡᠬᠡᠯᠯᠡᠨ ᠮᠣᠷᠳᠠᠵᠦ ᠮᠢᠨᠣ ᠴᠠᠭᠠᠨ ᠠᠵᠢᠷᠭ᠎ᠠ ᠶᠢ | ᠣᠯᠵᠦ ᠢᠷᠡᠭᠳᠦᠨ︕︾ ᠬᠡᠮᠡᠬᠦ ᠦᠬᠡ ᠲᠠᠭᠤᠰᠬᠤ ᠶᠢᠨ ᠣᠷᠢᠳ᠂ ᠪᠡᠶ᠎ᠡ ᠢᠨᠣ ᠭᠤᠸ᠎ᠠ ᠦᠵᠡᠰᠬᠦᠯᠡᠩᠲᠠᠢ᠂ | ᠦᠰᠦᠨ ᠢᠨᠣ ᠵᠦᠬᠡᠯᠡᠨ ᠪᠦᠬᠡᠳ ᠬᠠᠷ᠎ᠠ ᠲᠡᠪᠬᠡ ᠬᠡᠵᠢᠬᠡ ᠲᠠᠢ᠂ ᠨᠢᠳᠣᠨ ᠢᠨᠣ ᠬᠤᠷᠴᠨ ᠵᠣᠷᠢᠮᠭᠠᠷ ᠨᠢᠭᠡᠨ | ᠵᠠᠯᠠᠭᠤᠬᠠᠨ ᠬᠦᠪᠡᠬᠦᠨ ᠲᠡᠷᠭᠡᠳᠡ ᠢᠨᠣ ᠢᠷᠡᠵᠦ᠄ ︽ᠠᠪᠤ ᠮᠢᠨᠣ ᠡ᠂ ᠪᠢ ᠡᠳᠡᠨ ᠯᠦᠭᠡ ᠬᠠᠮᠳᠣ ᠶᠠᠪᠣᠶ᠎ᠠ︾ | ᠬᠡᠮᠡᠪᠡᠰᠣ ᠢᠬᠡᠳᠦᠯᠮᠡᠭ ᠡᠵᠡᠨ ᠣᠷᠢᠬᠠᠨ ᠨᠢᠳᠣᠨ ᠢᠶᠠᠷ ᠬᠦᠪᠡᠬᠦᠨ ᠢᠶᠠᠨ ᠬᠠᠷᠠᠵᠦ᠂ ᠮᠦᠷᠦᠨ ᠲᠡᠭᠡᠷ᠎ᠡ ᠢᠨᠣ | ᠭᠠᠷ ᠢᠶᠠᠨ ᠲᠠᠯᠪᠢᠨ᠂ ᠬᠦᠪᠡᠬᠦᠨ ᠤ ᠬᠢᠯᠠᠯᠵᠠᠭᠰᠠᠨ ᠪᠠᠭᠠᠳᠣᠷ ᠵᠣᠷᠢᠮᠠᠭ ᠠᠬᠤ ᠶᠢ ᠮᠡᠳᠡᠭᠡᠳ ᠦᠪᠡᠷ ᠤᠨ ᠢᠳᠡᠷ | ᠵᠠᠯᠠᠭᠤ ᠶᠠᠪᠣᠭᠰᠠᠨ ᠢ ᠰᠠᠨᠠᠵᠦ ᠢᠨᠢᠶᠡᠮᠰᠦᠭᠯᠡᠨ ᠲᠣᠯᠣᠭᠠᠢ ᠪᠠᠨ ᠲᠣᠬᠢᠵᠦ ᠵᠦᠪᠰᠢᠶᠡᠷᠡᠪᠠᠢ᠃ ᠲᠡᠷᠨ ᠬᠦᠪᠡᠬᠦᠨ | ᠪᠠᠶᠠᠷᠯᠠᠨ ᠬᠦᠬᠡᠷᠴᠦ᠂ ᠠᠪᠤ ᠡᠵᠢ᠂ ᠠᠬ᠎ᠠ ᠲᠡᠬᠦᠦ᠂ ᠦᠬᠢᠨ ᠲᠡᠭᠦᠦ ᠯᠦᠭᠡ ᠶᠠᠪᠣᠬᠤ ᠶᠢᠨ ᠮᠡᠨᠳᠣ ᠶᠢ ᠮᠡᠳᠡᠯᠴᠡᠬᠦᠢ | ᠳᠤᠷ ᠠᠷᠪᠠᠨ ᠭᠤᠷᠪᠠᠨ ᠨᠠᠰᠣᠳᠠᠢ ᠦᠬᠢᠨ ᠲᠡᠭᠦᠦ ᠢᠨᠣ ᠪᠠᠭ᠎ᠠ ᠠᠴᠠ ᠪᠠᠨ ᠢᠵᠢᠯᠢᠳᠣᠨ ᠨᠠᠭᠠᠳᠴᠣ ᠲᠠᠰᠣᠭᠰᠠᠨ ᠪᠠ | ᠬᠤᠵᠢᠮ ᠰᠠᠶᠢᠨ ᠪᠠᠭᠠᠳᠣᠷ ᠪᠣᠯᠵᠣ᠂ ᠠᠶᠢᠮᠠᠭ ᠤᠨ ᠲᠡᠷᠢᠬᠦᠨ ᠮᠠᠭᠠᠳ ᠪᠣᠯᠣᠮᠦᠢ ᠬᠡᠮᠡᠨ ᠰᠠᠨᠠᠳᠠᠭ ᠲᠣᠯᠨ᠂ ᠠᠬ᠎ᠠ | ᠪᠠᠨ ᠴᠢᠩᠭ᠎ᠠ ᠲᠡᠪᠡᠷᠢᠵᠦ ᠠᠷᠠᠶᠢᠬᠠᠨ ᠬᠠᠭᠠᠴᠠᠪᠠᠢ᠃ ᠲᠡᠷᠨ ᠬᠦᠪᠡᠬᠦᠨ ᠬᠡᠳᠦᠨ ᠨᠦᠬᠦᠳ ᠤᠨ ᠬᠠᠮᠳᠣ ᠮᠣᠷᠢᠨ | ᠳᠠᠭᠠᠨ ᠮᠣᠷᠳᠠᠵᠦ ᠨᠢᠰᠬᠦ ᠮᠡᠳᠣ ᠲᠠᠪᠬᠢᠯᠳᠣᠨ᠂ ᠮᠣᠷᠢᠳ ᠤᠨ ᠲᠣᠭᠤᠷᠠᠢ ᠪᠠᠷ ᠴᠠᠰᠣᠨ ᠢ ᠬᠤᠢ ᠮᠡᠳᠣ | ᠪᠣᠵᠢᠬᠢᠨᠠᠭᠤᠯᠣᠭᠰᠠᠭᠠᠷ ᠳᠠᠯᠳᠠ ᠣᠷᠣᠪᠠᠢ᠃ | ᠲᠡᠨᠳᠡ ᠠᠴᠠ ᠴᠢᠨᠠᠭᠰᠢ ᠶᠠᠪᠣᠭᠰᠠᠨ ᠡᠷᠢᠯᠴᠢᠨ ᠨᠠᠷ ᠤᠨ ᠵᠠᠮ ᠳᠤᠷ ᠵᠠᠷᠢᠮ ᠦᠶ᠎ᠡ ᠬᠠᠷᠠᠩᠭᠤᠳᠣᠭᠰᠠᠨ ᠴᠢᠨ᠋ᠸ᠎ᠡ | ᠨᠤᠭᠤᠳ ᠰᠦᠷᠦᠭ ᠰᠦᠷᠦᠭ ᠢᠶᠠᠷ ᠡᠮᠦᠨᠡᠬᠦᠷ ᠢᠨᠣ ᠬᠦᠨᠳᠡᠯᠢᠳᠣᠨ ᠪᠣᠭᠤᠯᠢ ᠬᠠᠶᠠᠮᠠᠷ ᠣᠶᠢᠷᠠᠳᠣᠮᠣᠢ᠃ | ᠲᠣᠯᠣᠭᠠᠢ ᠶᠢᠨ ᠲᠡᠭᠡᠭᠦᠷ ᠪᠦᠷᠬᠦᠳ ᠰᠢᠪᠠᠭᠤ᠂ ᠬᠠᠷ᠎ᠠ ᠬᠡᠷᠢᠶ᠎ᠠ ᠲᠣᠣᠭᠠᠷᠣᠮᠣᠢ᠃ ᠲᠡᠳᠡ ᠨᠠᠷ ᠴᠠᠰᠣᠳᠠᠢ ᠭᠤᠪᠢ | ᠲᠠᠯ᠎ᠠ ᠪᠠ ᠠᠭᠤᠯᠨ ᠶᠢᠨ ᠬᠠᠪᠴᠢᠯ ᠬᠢᠭᠡᠳ ᠣᠢ ᠶᠢᠨ ᠵᠣᠵᠠᠭᠠᠨ ᠳᠤᠷ ᠶᠠᠪᠣᠵᠦ ᠵᠦᠭ ᠪᠦᠬᠦᠨ᠎ᠠ ᠡᠷᠢᠪᠡᠴᠦ | ᠵᠠᠪᠬᠠᠷᠠᠭᠰᠠᠨ ᠴᠠᠭᠠᠨ ᠠᠵᠢᠷᠭ᠎ᠠ ᠮᠣᠷᠢ ᠶᠢ ᠴᠣ᠋ ᠦᠵᠡᠯ ᠦᠬᠡᠢ ᠭᠤᠷᠪᠠᠨ ᠬᠤᠨᠤᠭ ᠡᠷᠢᠭᠡᠳ ᠴᠣ᠋ ᠣᠯᠣᠭᠰᠠᠨ ᠦᠬᠡᠢ | ᠪᠣᠯᠪᠠᠴᠣ ᠭᠠᠷ ᠬᠤᠭᠤᠰᠣᠨ ᠢᠶᠠᠷ ᠬᠡᠷ ᠲᠡᠭᠡᠨ ᠬᠠᠷᠢᠬᠤ ᠶᠢ ᠲᠦᠪᠳᠡᠭᠰᠡᠨ ᠦᠬᠡᠢ᠃ ᠮᠠᠰᠢ ᠴᠠᠭᠠᠨ ᠲᠠᠯ᠎ᠠ ᠶᠢᠨ | ᠲᠣᠮᠳᠠᠭᠤᠷ ᠡᠴᠡᠵᠦ ᠵᠦᠳᠡᠭᠰᠡᠨ ᠮᠣᠷᠢᠳ ᠢᠶᠠᠨ ᠭᠤᠶᠠᠳᠠᠨ ᠬᠠᠳᠠᠷᠢᠭᠤᠯᠵᠦ ᠶᠠᠪᠣᠳᠠᠯ᠎ᠠ ᠬᠡᠨᠡᠳᠳᠡ ᠮᠣᠷᠢᠨ ᠤ | ᠲᠦᠪᠡᠷᠬᠡᠨ ᠰᠣᠨᠣᠰᠳᠠᠬᠤᠢ ᠳᠤ ᠬᠠᠷᠠᠪᠠᠰᠣ᠂ ᠨᠢᠭᠡᠨ ᠮᠣᠷᠢᠲᠠᠢ ᠬᠦᠮᠦᠨ ᠮᠣᠷᠢᠨ ᠤ ᠠᠮᠨ ᠮᠡᠳᠡᠨ ᠲᠠᠪᠬᠢᠵᠦ᠂ | ᠬᠤᠶᠢᠨ᠎ᠠ ᠠᠴᠠ ᠢᠨᠣ ᠮᠣᠷᠢᠲᠠᠢ ᠬᠦᠮᠦᠰ ᠵᠡᠪᠰᠡᠭ ᠢᠶᠠᠨ ᠲᠠᠯ᠎ᠠᠶᠢᠨ ᠬᠦᠬᠡᠬᠡᠵᠣᠬᠦᠢ᠃ ᠲᠠᠪᠬᠢᠭᠰᠠᠨ ᠬᠦᠮᠦᠨ ᠬᠦᠷᠴᠦ | ᠢᠷᠡᠬᠦᠢ ᠶᠢ ᠦᠵᠡᠪᠡᠰᠦ ᠬᠠᠷᠢᠨ ᠮᠠᠨ ᠤ ᠡᠷᠢᠯ ᠤᠨ ᠬᠦᠮᠦᠰ ᠠᠴᠠ ᠣᠷᠢᠳ ᠲᠠᠩᠨᠠᠷᠠ ᠶᠠᠪᠣᠭᠰᠠᠨ ᠬᠦᠮᠦᠨ ᠠᠵᠡᠢ᠃ | ᠮᠣᠷᠢᠨ ᠠᠨᠣ ᠣᠰᠣᠨ ᠳᠤ ᠣᠷᠣᠭᠰᠠᠨ ᠬᠤᠯᠣᠭᠠᠨ᠎ᠠ ᠮᠡᠳᠣ ᠪᠣᠯᠵᠣᠬᠤᠢ᠃ ᠲᠡᠷᠨ ᠬᠦᠮᠦᠨ ᠮᠠᠰᠢᠳᠠ ᠠᠶᠣᠨ | ᠭᠠᠯᠵᠠᠭᠤ ᠮᠡᠳᠣ ᠵᠠᠭᠤᠷᠠᠭᠰᠠᠨ ᠳᠠᠭᠠᠨ ᠠᠮᠢ ᠲᠡᠮᠡᠴᠡᠵᠦ ᠠᠷᠠᠶᠢᠬᠠᠨ ᠢᠶᠠᠷ ︽ᠲᠡᠭᠷᠢᠰ ᠤᠳ︾ ᠬᠡᠮᠡᠨ ᠦᠬᠦᠯᠡᠭᠡᠳ | ᠮᠣᠷᠢᠨ ᠠᠴᠠ ᠦᠬᠦᠳᠬᠡᠨ ᠣᠨᠠᠵᠦ᠂ ᠠᠮᠢᠨ ᠤ ᠬᠦᠨᠳᠣ ᠰᠢᠷᠬ᠎ᠠ ᠣᠯᠣᠭᠰᠠᠨ ᠲᠣᠯᠨ ᠲᠠᠷᠣᠢ ᠦᠬᠦᠪᠡᠢ᠃ | ᠲᠠᠷᠠᠭᠠᠪᠠᠷ ᠣᠶᠢᠭᠤᠷ ᠠᠶᠢᠮᠠᠭ ᠯᠤᠭ᠎ᠠ ᠦᠰᠢᠶᠡᠲᠠᠢ ᠲᠡᠭᠡ ᠢᠷᠭᠡᠨ ᠬᠡᠮᠡᠭᠴᠢ ᠲᠡᠭᠷᠢᠰ ᠤᠳ ᠬᠤᠷ ᠲᠡᠯ ᠲᠠᠢ | ᠪᠢᠴᠢᠬᠠᠨ ᠮᠣᠷᠢᠳ ᠢᠶᠠᠨ ᠣᠨᠣᠵᠦ ᠲᠠᠪᠬᠢᠭᠰᠠᠭᠠᠷ ᠣᠶᠢᠷ᠎ᠠ ᠪᠣᠯᠬᠤᠢ ᠳᠤᠷ ᠲᠡᠳᠡᠨ ᠤ ᠪᠠᠷᠢᠭᠳᠠᠬᠤ ᠴᠠᠭ ᠢᠷᠡᠭᠰᠡᠨ | ᠪᠣᠯᠪᠠᠴᠣ ᠪᠣᠭᠤᠯᠴᠣᠳ ᠪᠡᠶ᠎ᠡ ᠪᠠᠨ ᠪᠠᠷᠢᠭᠳᠠᠬᠤ ᠠᠴᠠ ᠬᠠᠶᠢᠬᠤᠷᠣᠭᠰᠠᠨ ᠦᠬᠡᠢ᠂ ᠭᠠᠭᠴᠠᠬᠦ ᠡᠵᠡᠨ ᠤ ᠠᠷᠪᠠᠨ | ᠲᠠᠪᠣᠨ ᠨᠠᠰᠣᠳᠠᠢ ᠪᠠᠭ᠎ᠠ ᠬᠦᠪᠡᠬᠦᠨ ᠢ ᠪᠠᠷᠢᠭᠳᠠᠬᠤ ᠠᠴᠠ ᠠᠶᠣᠵᠦ᠂ ᠲᠡᠷᠨ ᠬᠦᠪᠡᠬᠦᠨᠠ ᠶᠡᠭᠡ ᠬᠠᠶᠢᠷᠠᠲᠠᠢ᠂ | ᠪᠠᠭ᠎ᠠ ᠠᠴᠠ ᠢᠨᠣ ᠭᠠᠷ ᠲᠠᠭᠠᠨ ᠡᠷᠬᠦᠵᠦ ᠦᠰᠭᠡᠭᠰᠡᠨ ᠡᠪᠦᠬᠡᠨ ᠪᠣᠭᠤᠯ ᠠᠨᠣ ᠦᠬᠦᠯᠡᠷᠦᠨ᠄ ︽ᠵᠠᠨ᠎ᠠ ᠬᠦᠪᠡᠬᠦᠨ | ᠴᠢᠨᠣ ᠮᠣᠷᠢᠨ ᠰᠠᠶᠢᠨ ᠲᠣᠯᠨ ᠴᠢ ᠠᠮᠢ ᠭᠠᠷᠬᠤ ᠶᠢ ᠪᠣᠳᠣᠵᠦ ᠡᠨᠡ ᠭᠤᠣᠯ ᠢ ᠣᠷᠣᠭᠤᠳᠠᠨ ᠵᠢᠭᠤᠳᠠ᠂ ᠴᠢᠮᠠᠢᠢ | ᠪᠢᠳᠠᠨ ᠪᠡᠶᠡᠰ ᠢᠶᠠᠷ ᠬᠠᠯᠬᠠᠯᠠᠶᠠ︕︾ ᠬᠡᠮᠡᠬᠦᠢ ᠯᠦᠭᠡ ᠵᠠᠨ᠎ᠠ ᠬᠦᠪᠡᠬᠦᠨ ᠮᠣᠷᠢᠨ ᠢᠶᠠᠨ ᠲᠠᠰᠢᠭᠤᠷᠳᠠᠨ ᠰᠠᠯᠬᠢᠨ | ᠮᠡᠳᠣ ᠣᠳᠬᠤᠢ ᠳᠤᠷ ᠠᠪᠤ ᠶᠢᠨ ᠰᠢᠳᠣᠷᠭᠤ ᠪᠣᠭᠤᠯᠴᠣᠳ ᠬᠤᠶᠢᠨ᠎ᠠ ᠠᠴᠠ ᠰᠠᠶᠢᠨ ᠢᠷᠦᠭᠡᠯ ᠬᠡᠯᠡᠬᠦᠢ ᠶᠢ | ᠰᠣᠨᠣᠰᠳᠠᠯᠠ᠂ ᠪᠠᠰᠠᠬᠦ ᠲᠡᠭᠷᠢᠰ ᠤᠳ ᠤᠨ ᠲᠣᠭᠰᠢᠨ ᠬᠠᠰᠭᠢᠷᠬᠤᠢ ᠶᠢ ᠰᠣᠨᠣᠰᠪᠠᠢ᠃ | ᠲᠡᠨᠳᠡ ᠠᠴᠠ ᠬᠠᠷᠠᠭᠳᠠᠬᠤ ᠪᠠᠷ᠎ᠠ᠂ ᠰᠣᠨᠣᠰᠳᠠᠬᠤ ᠴᠢᠮᠡᠭᠡ ᠣᠭᠳᠣ ᠦᠬᠡᠢ ᠪᠣᠯᠣᠭᠠᠳ᠂ ᠵᠠᠨ᠎ᠠ ᠬᠦᠪᠡᠬᠦᠨ ᠤ | ᠮᠣᠷᠢᠨ ᠡᠴᠡᠭᠰᠡᠨ ᠤ ᠲᠣᠯᠨ ᠠᠭᠠᠵᠢᠮ ᠢᠶᠠᠷ ᠶᠠᠪᠣᠵᠦ ᠭᠠᠴᠣᠷ᠎ᠠ ᠮᠣᠳᠣᠨ ᠤ ᠣᠢ ᠳᠤᠷ ᠬᠦᠷᠦᠭᠡᠳ ᠲᠣᠯᠣᠭᠠᠢ ᠪᠠᠨ | ᠭᠠᠩᠬᠤᠭᠤᠯᠵᠦ ᠴᠠᠰᠣᠨ ᠴᠢᠮᠡᠭ ᠪᠣᠯᠣᠭᠰᠠᠨ ᠮᠣᠳᠣᠨ ᠤ ᠮᠦᠴᠢᠷ ᠢ ᠭᠠᠶᠢᠬᠠᠨ ᠦᠵᠡᠵᠦ ᠶᠠᠪᠣᠭᠰᠠᠭᠠᠷ ᠣᠢ | ᠲᠣᠳᠣᠷ᠎ᠠ ᠵᠡᠪᠰᠡᠭ ᠲᠠᠢ ᠬᠡᠳᠦᠨ ᠬᠦᠮᠦᠰ ᠶᠠᠪᠣᠵᠦ ᠪᠠᠶᠢᠭᠰᠠᠨ ᠢ ᠬᠠᠷᠠᠭᠰᠠᠨ ᠦᠬᠡᠢ ᠠᠵᠡᠢ᠃ ᠬᠡᠳᠡᠯ᠎ᠡ ᠬᠡᠨᠡᠳᠳᠡ | ᠬᠡᠳᠦᠨ ᠲᠡᠭᠷᠢᠰ ᠤᠳ ᠮᠣᠳᠣᠨ ᠤ ᠴᠢᠨᠠᠳᠣ ᠠᠴᠠ ᠭᠠᠷᠴᠣ ᠵᠠᠮ ᠬᠦᠨᠳᠡᠯᠢᠳᠣᠨ᠂ ᠬᠤᠶᠠᠷ ᠴᠡᠷᠢᠭ ᠤᠨ ᠬᠦᠮᠦᠨ | ᠮᠣᠷᠢᠨ ᠤ ᠬᠤᠶᠠᠷ ᠬᠠᠵᠠᠭᠤ ᠠᠴᠠ ᠢᠷᠡᠭᠡᠳ᠂ ᠵᠠᠨ᠎ᠠ ᠬᠦᠪᠡᠬᠦᠨ ᠢ ᠮᠣᠷᠢᠨ ᠠᠴᠠ ᠬᠤᠪᠬᠤᠯᠣᠨ ᠪᠠᠭᠤᠯᠭᠠᠵᠦ ᠬᠤᠶᠠᠷ | ᠭᠠᠷ ᠢ ᠠᠨᠣ ᠠᠷᠣ ᠳᠤᠷ ᠬᠦᠯᠢᠭᠰᠡᠨᠠ᠂ ᠵᠠᠨ᠎ᠠ ᠬᠦᠪᠡᠬᠦᠨ ᠠᠶᠣᠨ ᠰᠣᠴᠢᠭᠰᠠᠨ ᠳᠠᠭᠠᠨ ᠦᠬᠡ ᠣᠭᠳᠣ ᠬᠡᠯᠡᠭᠰᠡᠨ | ᠦᠬᠡᠢ ᠪᠠᠶᠢᠲᠠᠯ᠎ᠠ᠂ ᠨᠢᠭᠡᠨ ᠲᠡᠭᠷᠢᠰ ᠦᠪᠡᠷ ᠤᠨ ᠬᠡᠯᠨ ᠪᠠᠷ ᠨᠦᠬᠦᠳ ᠲᠡᠭᠡᠨ ᠬᠡᠳᠦᠨ ᠦᠬᠡ ᠬᠡᠯᠡᠵᠣ᠂ ᠪᠦᠰᠡᠨ | ᠳᠡᠭᠡᠨ ᠪᠠᠶᠢᠭᠰᠠᠨ ᠬᠢᠳᠤᠭ᠎ᠠ ᠪᠠᠨ ᠰᠣᠭᠤᠯᠣᠨ ᠠᠪᠴᠣ ᠵᠠᠨ᠎ᠠ ᠬᠦᠪᠡᠬᠦᠨ ᠤ ᠬᠦᠯᠢᠶᠡᠰᠦᠨ ᠢ ᠣᠭᠳᠣᠯᠣᠭᠠᠳ ᠮᠣᠷᠢᠨ | ᠳᠤᠷ ᠠᠨᠣ ᠣᠨᠣᠭᠤᠯᠵᠦ ᠵᠢᠯᠣᠭᠤ ᠠᠴᠠ ᠬᠦᠲᠦᠯᠦᠨ᠂ ᠣᠢ ᠶᠢᠨ ᠲᠣᠳᠣᠷ᠎ᠠ ᠦᠪᠡᠷ ᠤᠨ ᠭᠠᠯ ᠲᠡᠭᠡᠷ᠎ᠡ ᠠᠪᠠᠴᠢᠪᠠ᠃ | ᠬᠦᠷᠴᠦ ᠡᠴᠢᠪᠡᠰᠦ ᠬᠡᠳᠦᠨ ᠭᠠᠯ ᠨᠣᠴᠣᠵᠦ ᠲᠡᠭᠦᠨ ᠢ ᠲᠣᠭᠤᠷᠢᠨ ᠬᠡᠳᠣ ᠬᠡᠳᠣᠨ ᠲᠡᠭᠷᠢᠰ ᠤᠳ ᠮᠢᠬ᠎ᠠ ᠱᠣᠷᠣᠯᠠᠨ | ᠰᠢᠷᠠᠵᠦ᠂ ᠲᠡᠷᠭᠡᠳᠡ ᠪᠠᠨ ᠵᠢᠳᠠ ᠨᠤᠭᠤᠳ ᠢ ᠴᠠᠰᠣᠨ ᠳᠤᠷ ᠬᠠᠶᠠᠭᠠᠳ ᠮᠣᠷᠢᠳ ᠢᠶᠠᠨ ᠮᠣᠳᠣᠨ ᠠᠴᠠ ᠣᠶᠠᠵᠣᠬᠤᠢ | ᠃ ᠶᠡᠷᠦ ᠪᠠᠶᠢᠳᠠᠯ ᠲᠦᠯᠦᠪ ᠢ ᠠᠵᠢᠭᠯᠠᠪᠠᠰᠣ ᠶᠡᠬᠡᠯ᠎ᠡ ᠵᠢᠪᠡᠬᠦᠬᠡᠨ ᠪᠣᠯᠪᠠᠴᠣ ᠠᠷᠭ᠎ᠠ ᠦᠬᠡᠢ ᠮᠣᠷᠢᠨ ᠠᠴᠠ ᠪᠠᠭᠤᠵᠦ | ᠭᠠᠯ ᠤᠨ ᠲᠡᠷᠭᠡᠳᠡ ᠡᠴᠢᠵᠦ ᠰᠠᠭᠤᠭᠰᠠᠨ ᠤ ᠲᠠᠷᠠᠭ᠎ᠠ᠂ ᠲᠡᠳᠡᠨ ᠤ ᠨᠢᠭᠡᠨ ᠬᠦᠮᠦᠨ ᠦᠪᠡᠷ ᠤᠨ ᠰᠢᠷᠠᠭᠰᠠᠨ ᠮᠢᠬ᠎ᠠ | ᠪᠠᠨ ᠵᠠᠨ᠎ᠠ ᠬᠦᠪᠡᠬᠦᠨᠠ ᠦᠭᠬᠦ ᠳᠤᠷ᠂ ᠵᠠᠨ᠎ᠠ ᠬᠦᠪᠡᠬᠦᠨ ᠭᠠᠷ ᠢᠶᠠᠷ ᠲᠣᠰᠴᠣ ᠠᠪᠣᠭᠠᠳ ᠦᠯᠦᠰᠦᠭᠰᠡᠨ ᠳᠡᠭᠡᠨ | ᠡᠮᠬᠦᠯᠡᠨ ᠢᠳᠡᠵᠦ ᠪᠠᠶᠢᠲᠠᠯ᠎ᠠ ᠲᠡᠭᠷᠢᠰ ᠠᠰᠠᠭᠤᠷᠠᠨ᠄ ︽ᠴᠢ ᠠᠯᠢ ᠠᠶᠢᠮᠠᠭ ᠤᠨ ᠬᠡᠨ ᠬᠡᠭᠴᠢ ᠶᠢᠨ ᠬᠦᠪᠡᠬᠦᠨ ᠪᠣᠢ︖ | ︾ ᠬᠡᠮᠡᠭᠰᠡᠨ᠎ᠠ᠂ ᠮᠢᠬ᠎ᠠ ᠪᠠᠨ ᠵᠠᠵᠢᠯᠬᠤᠢ ᠶᠢᠨ ᠵᠠᠪᠰᠠᠷ ᠲᠤᠷ ᠬᠠᠷᠢᠭᠤ ᠶᠢ ᠬᠡᠯᠡᠭᠡᠳ᠂ ᠵᠠᠨ᠎ᠠ ᠬᠦᠪᠡᠬᠦᠨ ᠡᠯᠢᠬᠡ ᠪᠠᠨ | ᠭᠠᠯ ᠲᠡᠰᠢ ᠬᠠᠨᠳᠣᠭᠤᠯᠵᠦ ᠪᠢᠴᠢᠬᠠᠨ ᠲᠡᠪᠡᠯ ᠢᠶᠠᠨ ᠬᠦᠨᠵᠢᠯᠯᠡᠵᠦ ᠲᠡᠳᠡᠨ ᠤ ᠦᠯᠦ ᠮᠡᠳᠡᠬᠦ ᠦᠬᠡ ᠶᠢ ᠴᠢᠩᠨᠠᠭᠰᠠᠭᠠᠷ | ᠣᠨᠳᠠᠭᠠᠳ᠂ ᠦᠪᠡᠷ ᠤᠨ ᠡᠴᠢᠭᠡ ᠡᠬᠡ᠂ ᠬᠠᠷ᠎ᠠ ᠨᠢᠳᠣᠳᠠᠢ ᠦᠬᠢᠨ ᠲᠡᠭᠦᠦ ᠨᠠᠷ ᠲᠠᠢ ᠪᠠᠨ ᠣᠴᠠᠷᠠᠨ ᠪᠦᠬᠦᠢ ᠶᠢ | ᠵᠡᠬᠦᠳᠦᠯᠡᠪᠠᠢ᠃ ᠦᠷᠯᠦᠭᠡ ᠪᠣᠰᠣᠮᠠᠭᠴᠨ ᠬᠦᠪᠡᠬᠦᠨ ᠤ ᠪᠢᠴᠢᠬᠠᠨ ᠮᠦᠩᠭᠦᠨ ᠲᠣᠪᠴᠢᠳ ᠢ ᠣᠭᠳᠣᠯᠣᠨ ᠠᠪᠴᠣ᠂ | ᠰᠠᠶᠢᠨ ᠮᠣᠷᠢ ᠶᠢ ᠨᠢᠭᠡᠨ ᠮᠠᠭᠤ ᠮᠣᠷᠢ ᠪᠠᠷ ᠰᠣᠯᠢᠵᠦ ᠪᠠᠰᠨ ᠨᠣᠮᠣ ᠰᠣᠮᠣ ᠪᠠ ᠨᠢᠭᠡ ᠲᠣᠯᠠᠭᠠᠨ ᠬᠦᠨᠵᠢᠯᠨ | ᠦᠭᠭᠦᠯᠦᠭᠡ᠃ ᠡᠬᠦᠨ ᠠᠴᠠ ᠬᠤᠶᠢᠰᠢ ᠵᠠᠨ᠎ᠠ ᠬᠦᠪᠡᠬᠦᠨ ᠲᠦᠷᠦᠭᠰᠡᠨ ᠣᠷᠣᠨ ᠨᠣᠳᠤᠭ᠂ ᠡᠴᠢᠬᠡ ᠡᠬᠡ᠂ ᠠᠬ᠎ᠠ | ᠲᠡᠭᠦᠦ ᠠᠴᠠ ᠬᠠᠭᠠᠴᠠᠵᠦ ᠪᠦᠬᠡ ᠮᠦᠷᠬᠦᠯ ᠲᠠᠢ ᠲᠠᠨᠢᠭᠳᠠᠭᠠᠳᠦᠢ ᠮᠣᠩᠭᠤᠯ ᠠᠶᠢᠮᠠᠭ ᠤᠨ ᠬᠠᠷᠢᠶᠠᠳᠣ ᠪᠣᠯᠬᠤ ᠶᠢᠨ | ᠴᠠᠭ ᠢᠷᠡᠵᠡᠬᠦᠢ᠃ ᠡᠶᠢᠨ ᠪᠣᠯᠪᠠᠴᠣ ᠦᠪᠡᠷ ᠤᠨ ᠯᠠᠯᠣ ᠶᠢᠨ ᠶᠣᠰᠣ ᠪᠠᠨ ᠣᠭᠤᠷᠬᠤ ᠶᠢ ᠦᠯᠦ ᠲᠣᠷᠠᠯᠠᠬᠤ ᠲᠣᠯᠨ᠂ | ᠶᠡᠭᠡ ᠲᠡᠭᠷᠢ ᠮᠢᠨᠣ ᠠᠪᠣᠷᠨ ᠬᠡᠮᠡᠨ ᠵᠠᠯᠪᠠᠷᠢᠮᠣᠢ᠃ | ᠲᠡᠨᠳᠡ ᠠᠴᠠ ᠲᠡᠭᠷᠢᠰ ᠤᠳ ᠣᠯᠵᠠᠯᠠᠭᠰᠠᠨ ᠵᠠᠯᠠᠭᠤ ᠬᠦᠪᠡᠬᠦᠨ ᠢᠶᠠᠨ ᠠᠪᠣᠭᠠᠳ ᠬᠤᠶᠢᠳᠣ ᠵᠦᠭ ᠲᠤᠷ ᠬᠤᠷᠢᠨ | ᠨᠠᠢᠮᠠᠨ ᠬᠤᠨᠤᠭ ᠶᠠᠪᠣᠵᠦ ᠡᠷᠴᠢᠰ ᠮᠦᠷᠡᠨ ᠤ ᠬᠦᠪᠡᠬᠦᠨ ᠳᠤᠷ ᠪᠦᠬᠦᠢ ᠡᠪᠦᠯᠵᠢᠭᠰᠡᠨ ᠨᠣᠳᠤᠭ ᠲᠠᠭᠠᠨ ᠬᠦᠷᠪᠡᠢ᠃ | ᠵᠠᠨ᠎ᠠ ᠬᠦᠪᠡᠬᠦᠨ ᠦᠪᠡᠷ ᠤᠨ ᠪᠡᠶ᠎ᠡ ᠶᠢ ᠡᠨᠡ ᠮᠡᠳᠣ ᠠᠮᠣᠷ ᠢᠶᠠᠷ ᠠᠪᠴᠣ ᠶᠠᠪᠣᠬᠤ ᠶᠢ ᠦᠵᠡᠭᠡᠳ ᠮᠠᠭᠠᠳ ᠠᠯᠠᠬᠤ | ᠦᠬᠡᠢ ᠬᠡᠮᠡᠨ ᠮᠡᠳᠡᠪᠡᠴᠦ ᠠᠯᠣᠰ ᠲᠠᠭᠠᠨ ᠶᠠᠭᠤ ᠪᠣᠯᠬᠤ ᠶᠢ ᠮᠡᠳᠡᠬᠦ ᠦᠬᠡᠢ ᠵᠣᠪᠠᠨᠢᠨ ᠶᠠᠪᠣᠵᠣᠬᠤᠢ᠃ ᠴᠢᠩᠬᠢᠵᠦ | ᠬᠤᠷᠢᠨ ᠢᠯᠡᠬᠦᠦ ᠬᠤᠨᠤᠭ ᠬᠠᠮᠳᠣ ᠶᠠᠪᠣᠬᠤᠢ ᠳᠠᠭᠠᠨ ᠲᠡᠭᠷᠢᠰ ᠤᠳ ᠬᠡᠯᠨ ᠶᠢ ᠪᠠᠭ᠎ᠠ ᠰᠠᠭ᠎ᠠ ᠲᠦᠰᠦᠭᠡᠯᠡᠬᠦ | ᠪᠣᠯᠣᠭᠰᠠᠨ ᠲᠣᠯᠨ᠂ ᠨᠢᠭᠡᠨ ᠡᠳᠦᠷ ᠲᠡᠳᠡᠨ ᠤ ᠬᠤᠷᠠᠯᠳᠣᠨ ᠴᠣᠭᠯᠠᠬᠤᠢ ᠳᠤᠷ ᠡᠴᠢᠵᠦ ᠦᠵᠡᠪᠡᠰᠦ᠂ ᠪᠦᠬᠦᠳᠡᠭᠡᠷ | ᠬᠦᠷᠢᠶᠡᠯᠡᠨ ᠰᠠᠭᠤᠵᠦ ᠪᠠᠶᠢᠳᠠᠯ᠎ᠠ ᠨᠢᠭᠡᠨ ᠴᠠᠯ ᠪᠣᠭᠤᠷᠣᠯ ᠲᠣᠯᠣᠭᠠᠢ ᠲᠠᠢ ᠦᠨᠳᠦᠷ ᠡᠪᠦᠬᠡᠨ ᠲᠡᠳᠡᠨ ᠤ ᠲᠣᠳᠣᠷ᠎ᠠ | ᠣᠷᠣᠵᠦ ᠢᠷᠡᠭᠡᠳ ᠡᠶᠢᠨ ᠦᠬᠦᠯᠡᠷᠦᠨ᠄ ︽ᠮᠠᠨ ᠤ ᠶᠡᠭᠡ ᠠᠷᠰᠢ ᠬᠡᠳᠦᠶᠢᠨ ᠠᠴᠠ ᠲᠦᠷᠬᠡ ᠶᠢᠨ ᠬᠡᠯᠨ ᠪᠢᠴᠢᠭ | ᠮᠡᠳᠡᠬᠦ ᠨᠢᠭᠡᠨ ᠪᠢᠴᠢᠬᠠᠨ ᠬᠦᠪᠡᠬᠦᠨ ᠣᠯᠵᠦ ᠠᠪᠰᠣᠭᠠᠢ ᠬᠡᠮᠡᠭᠰᠡᠭᠡᠷ ᠨᠡᠯᠢᠶᠡᠳ ᠣᠳᠠᠭᠰᠠᠨ ᠲᠣᠯᠨ᠂ ᠡᠨᠡ ᠪᠢᠴᠢᠬᠠᠨ | ᠬᠦᠪᠡᠬᠦᠨ ᠢ ᠪᠠᠭᠰᠢ ᠳᠤᠷ ᠦᠭᠬᠦᠪᠡᠰᠣ ᠶᠠᠮᠪᠠᠷ ᠪᠣᠢ︖︾ ᠬᠡᠮᠡᠪᠡᠰᠦ ᠪᠦᠬᠦᠳᠡᠭᠡᠷ ᠨᠢᠭᠡᠨ ᠲᠠᠭᠤᠨ ᠢᠶᠠᠷ | ᠵᠦᠪᠰᠢᠶᠡᠷᠡᠭᠡᠳ ᠦᠳᠡᠰᠢ ᠪᠣᠯᠣᠮᠠᠭᠴᠨ ᠲᠡᠳᠡᠨ ᠤ ᠲᠠᠪᠣᠨ ᠬᠦᠮᠦᠨ ᠵᠠᠨ᠎ᠠ ᠬᠦᠪᠡᠬᠦᠨ ᠪᠠ ᠬᠦᠨᠡᠰᠣ ᠬᠤᠭᠤᠯᠨ ᠶᠢ | ᠠᠪᠴᠣ ᠡᠪᠦᠯᠵᠢᠶᠡᠨ ᠤ ᠭᠠᠵᠠᠷ ᠠᠴᠠ ᠲᠣᠷᠣᠨ᠎ᠠ ᠵᠦᠭ ᠴᠢᠭᠯᠡᠨ ᠨᠢᠭᠡᠨ ᠴᠦᠯ ᠭᠤᠪᠢ ᠭᠠᠵᠠᠷ ᠢᠶᠠᠷ ᠵᠢᠷᠭᠤᠭᠠᠨ | ᠲᠣᠯᠤᠭ᠎ᠠ ᠲᠦᠴᠢᠨ ᠬᠤᠶᠠᠷ ᠬᠤᠨᠤᠭ ᠠᠶᠠᠯᠠᠨ ᠶᠠᠪᠣᠵᠦ ᠵᠣᠷᠢᠭᠰᠠᠨ ᠭᠠᠵᠠᠷ ᠲᠠᠭᠠᠨ ᠬᠦᠷᠦᠭᠡᠳ ᠨᠢᠭᠡᠨ ᠦᠨᠳᠦᠷ | ᠬᠠᠳᠠ ᠴᠢᠯᠠᠭᠤ ᠭᠤᠣ ᠪᠣᠯᠣᠭᠰᠠᠨ ᠶᠡᠭᠡ ᠠᠭᠤᠯᠨ ᠶᠢᠨ ᠬᠤᠷᠮᠣᠢ ᠳᠤᠷ ᠪᠠᠭᠤᠳᠠᠯᠯᠠᠪᠠᠢ᠃ ᠮᠣᠷᠢᠨ ᠠᠴᠠ ᠪᠠᠭᠤᠵᠦ | ᠮᠣᠷᠢᠳ ᠢᠶᠠᠨ ᠮᠣᠳᠣᠨ ᠠᠴᠠ ᠣᠶᠠᠭᠠᠳ ᠶᠡᠬᠡᠯ᠎ᠡ ᠪᠢᠰᠢᠷᠡᠬᠦᠢ ᠪᠠᠷ ᠬᠦᠰᠡᠷ᠎ᠡ ᠰᠦᠬᠦᠲᠦᠨ ᠮᠦᠷᠬᠦᠮᠦᠢ᠃ ᠡᠨᠡ | ᠭᠠᠵᠠᠷ ᠤᠨ ᠶᠠᠭᠤᠮ᠎ᠠ ᠪᠦᠬᠦᠳᠡ ᠦᠬᠦᠭᠰᠡᠨ ᠠᠳᠠᠯᠢ ᠣᠭᠳᠣ ᠴᠢᠮᠡᠭᠡ ᠠᠨᠢᠷ ᠦᠬᠡᠢ᠂ ᠠᠭᠤᠯᠨ ᠦᠬᠡᠳᠡ | ᠭᠠᠷᠣᠭᠰᠠᠨ ᠨᠠᠷᠢᠬᠠᠨ ᠵᠦᠷᠢᠭ ᠢᠶᠠᠷ ᠶᠠᠪᠣᠬᠤᠢ ᠯᠤᠭ᠎ᠠ ᠣᠯᠠᠮ ᠲᠡᠭᠡᠭᠰᠢᠯᠡᠬᠦ ᠲᠣᠳᠣᠮ ᠡᠭ᠍ᠴᠡ ᠬᠠᠳᠠ ᠴᠢᠯᠠᠭᠤ ᠭᠤᠣ | ᠵᠢᠯᠠᠭ᠎ᠠ ᠣᠯᠠᠮ ᠰᠦᠷᠲᠠᠢ᠂ ᠠᠳᠡ ᠲᠡᠨᠳᠡ ᠴᠠᠰᠣᠨ ᠤ ᠲᠣᠣᠷ᠎ᠠ ᠠᠴᠠ ᠭᠠᠴᠣᠷ᠎ᠠ ᠮᠣᠳᠣᠨ ᠤ ᠨᠣᠭᠤᠭᠠᠨ ᠮᠦᠴᠢᠷ | ᠴᠣᠬᠤᠶᠢᠮᠣᠢ᠃ ᠠᠭᠤᠯᠨ ᠶᠢᠨ ᠪᠠᠯ ᠳᠤᠷ ᠨᠢᠭᠡᠨ ᠬᠠᠷᠠᠩᠭᠤᠢ ᠠᠭᠤᠢ ᠰᠦᠮᠡᠯᠵᠡᠵᠦ ᠪᠠᠶᠢᠭᠰᠠᠨ ᠲᠡᠬᠦᠨ ᠤ ᠡᠭᠦᠳᠡᠨ᠎ᠠ | ᠬᠦᠷᠦᠭᠡᠳ ᠦᠨᠦᠬᠢ ᠲᠠᠪᠣᠨ ᠲᠡᠭᠷᠢᠰ ᠶᠢᠰᠦᠨ ᠣᠳᠠᠭ᠎ᠠ ᠰᠦᠬᠦᠳᠣᠨ ᠮᠦᠷᠭᠦᠬᠦᠢ ᠳᠤᠷ ᠮᠠᠨ ᠤ ᠵᠠᠨ᠎ᠠ ᠬᠦᠪᠡᠬᠦᠨ | ᠯᠠᠯᠣ ᠶᠢᠨ ᠶᠣᠰᠣᠨ ᠢᠶᠠᠨ ᠬᠦᠨᠳᠦᠳᠬᠡᠵᠦ᠂ ᠪᠦᠬᠡ ᠶᠢᠨ ᠶᠣᠰᠣ ᠶᠢ ᠦᠯᠦ ᠣᠶᠢᠰᠢᠶᠠᠨ ᠲᠡᠳᠡᠨ ᠢ ᠲᠠᠭᠤᠷᠢᠶᠠᠭᠰᠠᠨ | ᠦᠬᠡᠢ ᠵᠦᠬᠡᠷ ᠵᠣᠭᠰᠣᠵᠦ ᠪᠠᠶᠢᠪᠠᠢ᠃ ᠲᠡᠳᠡᠭᠡᠷ ᠲᠡᠭᠷᠢᠰ ᠤᠳ ᠢ ᠮᠦᠷᠬᠦᠬᠦ ᠴᠠᠭ ᠲᠤᠷ ᠣᠷᠴᠢᠨ ᠲᠣᠭᠤᠷᠢᠨ ᠶᠡᠷᠦ | ᠴᠢᠮᠡᠭᠡ ᠠᠨᠢᠷ ᠣᠭᠳᠣ ᠭᠠᠷᠣᠭᠰᠠᠨ ᠦᠬᠡᠢ ᠪᠢᠯᠨ᠃ ᠲᠡᠭᠷᠢᠰ ᠤᠳ ᠤᠨ ᠨᠢᠭᠡᠨ ᠢᠨᠣ ᠬᠦᠪᠡᠬᠦᠨ ᠤ ᠴᠢᠬᠢᠨ ᠳᠤᠷ | ᠰᠡᠮᠡᠭᠡᠷᠬᠡᠨ ᠰᠢᠪᠡᠨᠡᠨ ᠦᠬᠦᠯᠡᠷᠦᠨ᠄ ︽ᠡᠨᠡ ᠠᠭᠤᠢ ᠲᠣᠳᠣᠷ᠎ᠠ ᠶᠡᠭᠡ ᠪᠣᠭᠳᠠ ᠣᠷᠣᠰᠢᠮᠣᠢ᠂ ᠡᠨᠡ ᠬᠢᠷᠢ | ᠣᠭᠳᠠᠷᠭᠤᠢ ᠳᠤᠷ ᠲᠡᠭᠳᠡᠵᠦ ᠬᠦᠴᠦᠲᠦ ᠲᠡᠭᠷᠢ ᠯᠦᠭᠡ ᠵᠦᠪᠯᠡᠵᠦ ᠪᠠᠶᠢᠮᠣᠢ᠂ ᠡᠰᠡᠪᠡᠰᠦ ᠮᠠᠨ ᠤ ᠠᠯᠳᠠᠨ ᠲᠡᠯᠡᠬᠡᠢ | ᠲᠡᠭᠡᠭᠦᠷ ᠴᠠᠭᠠᠨ ᠭᠤᠪᠢ ᠲᠠᠯ᠎ᠠ ᠶᠢ ᠭᠡᠰᠦᠨ ᠶᠠᠪᠣᠵᠦ ᠪᠠᠶᠢᠮᠦᠢ᠂ ᠠᠯᠢᠨ ᠢ ᠴᠣ᠋ ᠮᠡᠳᠡᠵᠦ ᠦᠯᠦ ᠪᠣᠯᠣᠮᠦᠢ᠂ | ᠲᠡᠬᠦᠨ ᠤ ᠨᠢᠴᠦᠬᠦᠨ ᠬᠦᠯ ᠢ ᠴᠠᠰᠣᠨ ᠤ ᠬᠦᠢᠲᠡᠨ᠂ ᠬᠠᠳᠠᠨ ᠤ ᠢᠷᠮᠡᠭ ᠬᠤᠣᠷᠯᠠᠨ ᠦᠯᠦ ᠴᠢᠳᠠᠬᠤ ᠪᠣᠯᠠᠢ︾ | ᠬᠡᠮᠡᠳᠡᠯᠠ ᠪᠦᠬᠡ ᠮᠦᠷᠭᠦᠯᠳᠡᠨ ᠤ ᠭᠠᠶᠢᠬᠠᠮᠰᠢᠭᠳᠣ ᠶᠡᠭᠡ ᠪᠠᠭᠰᠢ ᠭᠠᠵᠠᠷ ᠲᠣᠣᠷ᠎ᠠ ᠠᠴᠠ ᠭᠠᠷᠣᠭᠰᠠᠨ ᠮᠡᠳᠣ ᠡᠮᠦᠨ᠎ᠠ | ᠢᠨᠣ ᠵᠣᠭᠰᠣᠵᠦ ᠪᠠᠶᠢᠬᠤ ᠶᠢ ᠠᠵᠢᠭᠯᠠᠪᠠᠰᠣ ᠪᠠᠶᠢᠳᠠᠯ ᠲᠦᠯᠦᠪ ᠢᠨᠣ ᠡᠷᠭᠡ ᠦᠬᠡᠢ ᠰᠦᠰᠦᠭᠯᠡᠮᠡᠷ ᠪᠦᠬᠡᠳ ᠣᠷᠳᠣ | ᠬᠠᠷ᠎ᠠ ᠦᠰᠦᠨ ᠢᠨᠣ ᠵᠠᠯᠠᠭᠤᠬᠠᠨ ᠨᠢᠭᠤᠷ ᠤᠨ ᠬᠤᠶᠠᠷ ᠬᠠᠵᠠᠭᠤ ᠪᠠᠷ ᠨᠢᠴᠦᠬᠦᠨ ᠮᠦᠷᠦᠨ ᠲᠡᠭᠡᠷ᠎ᠡ ᠪᠠᠭᠤᠵᠠᠬᠤᠢ᠃ | ᠪᠦᠲᠦᠭᠦᠯᠢᠭ ᠬᠦᠩᠬᠡᠨ ᠨᠦᠮᠦᠷᠭᠡ ᠢᠨᠣ ᠨᠢᠴᠦᠭᠦᠨ ᠭᠠᠷ ᠬᠦᠯ ᠢ ᠦᠯᠦ ᠬᠠᠯᠬᠠᠯᠠᠮᠣᠢ᠃ ᠬᠡᠳᠦᠢ ᠪᠠᠭᠠᠳᠣᠷ | ᠪᠣᠯᠪᠠᠴᠣ ᠲᠡᠭᠦᠨ ᠢ ᠦᠵᠡᠪᠡᠰᠦ ᠰᠦᠷᠳᠡᠨ ᠲᠠᠷᠣᠭᠳᠠᠬᠤ ᠶᠢᠨ ᠲᠣᠯᠨ᠂ ᠲᠡᠷᠨ ᠬᠦ ᠴᠡᠷᠢᠭ ᠤᠳ ᠴᠦᠮ ᠭᠠᠵᠠᠷ ᠲᠤᠷ | ᠰᠦᠬᠦᠳᠴᠦ᠂ ᠵᠠᠨ᠎ᠠ ᠬᠦᠪᠡᠬᠦᠨ ᠦᠪᠡᠷ ᠤᠨ ᠡᠷᠭᠡ ᠦᠬᠡᠢ ᠰᠦᠭᠦᠲᠦᠨ ᠶᠡᠭᠡ ᠪᠣᠭᠳᠠ ᠲᠡᠭᠷᠢ ᠮᠢᠨᠣ ᠠᠪᠣᠷᠨ ᠬᠡᠮᠡᠨ | ᠰᠢᠪᠡᠨᠡᠵᠦ ᠵᠣᠷᠢᠭ ᠣᠷᠣᠭᠠᠳ ᠭᠠᠶᠢᠬᠠᠮᠰᠢᠭᠳᠣ ᠠᠷᠰᠢ ᠶᠢᠨ ᠡᠮᠦᠨ᠎ᠠ ᠠᠴᠠ ᠰᠢᠷᠲᠡᠨ ᠬᠠᠷᠠᠪᠠᠰᠣ ᠲᠡᠷᠨ ᠣᠰᠬᠠᠯ | ᠵᠦᠬᠡᠯᠡᠨ ᠨᠢᠳᠣ ᠪᠠᠷ ᠬᠦᠪᠡᠬᠦᠨ ᠤ ᠵᠦᠭ ᠰᠢᠷᠲᠡᠨ ᠬᠠᠷᠠᠵᠦ ᠴᠡᠷᠢᠭ ᠤᠳ ᠠᠴᠠ ᠠᠰᠠᠭᠤᠷᠠᠨ᠄ ︽ᠡᠨᠡ ᠶᠠᠮᠪᠠᠷ | ᠬᠦᠪᠡᠬᠦᠨ ᠪᠣᠢ᠂ ᠨᠠᠳᠣᠷ ᠶᠠᠭᠤᠨ ᠳᠤᠷ ᠠᠪᠴᠢᠷᠠᠪᠠᠢ︾ ᠬᠡᠮᠡᠬᠦᠢ ᠳᠤᠷ᠂ ᠴᠡᠷᠢᠭ ᠤᠨ ᠲᠠᠷᠤᠭ᠎ᠠ ᠠᠨᠣ ᠭᠠᠵᠠᠷ ᠠᠴᠠ | ᠨᠢᠭᠤᠷ ᠢᠶᠠᠨ ᠦᠨᠳᠡᠶᠢᠯᠭᠡᠯ ᠦᠬᠡᠢ ᠡ᠂ ︽ᠶᠡᠭᠡ ᠪᠣᠭᠳᠠ ᠮᠢᠨᠣ ᠡ᠂ ᠡᠨᠡ ᠬᠦᠪᠡᠬᠦᠨ ᠢᠨᠣ ᠲᠦᠷᠭᠡ ᠢᠵᠠᠭᠤᠷ ᠤᠨ | ᠪᠦᠬᠡᠳ ᠪᠢᠴᠢᠭ ᠮᠡᠳᠡᠮᠦᠢ᠂ ᠲᠠ ᠡᠶᠢᠮᠦ ᠬᠦᠪᠡᠬᠦᠨ ᠢ ᠬᠡᠷᠡᠭᠯᠡᠮᠦᠢ ᠬᠡᠮᠡᠭᠰᠡᠨ ᠲᠣᠯᠨ ᠠᠪᠴᠢᠷᠠᠪᠠ︾ ᠬᠡᠮᠡᠭᠰᠡᠨ᠎ᠠ᠂ | ᠠᠷᠰᠢ ᠲᠡᠷᠨ ᠬᠦᠪᠡᠬᠦᠨ ᠢ ᠲᠡᠷᠭᠡᠳᠡ ᠪᠠᠨ ᠲᠠᠭᠤᠳᠠᠨ ᠠᠪᠠᠴᠢᠭᠠᠳ ᠮᠦᠷᠦᠨ ᠲᠡᠭᠡᠷ᠎ᠡ ᠢᠨᠣ ᠭᠠᠷ ᠢᠶᠠᠨ ᠲᠠᠯᠪᠢᠵᠦ | ᠡᠶᠡᠯᠳᠡᠭ ᠵᠦᠬᠡᠯᠡᠨ ᠢᠶᠠᠷ᠄ ︽ᠴᠢ ᠠᠯᠢ ᠠᠶᠢᠮᠠᠭ ᠤᠨ ᠬᠡᠨ ᠬᠡᠭᠴᠢ ᠨᠡᠷᠡᠲᠠᠢ ᠬᠦᠮᠦᠨ ᠪᠣᠢ︖︾ ᠬᠡᠮᠡᠨ | ᠠᠰᠠᠭᠤᠪᠠᠰᠣ ᠬᠦᠪᠡᠬᠦᠨ ᠵᠣᠷᠢᠭ ᠣᠷᠣᠵᠦ ᠰᠡᠳᠬᠢᠯ ᠢᠶᠠᠨ ᠠᠭᠤᠣ ᠲᠠᠯᠪᠢᠨ ᠦᠬᠦᠯᠡᠷᠦᠨ᠄ ︽ᠮᠢᠨᠣ ᠨᠡᠷ᠎ᠡ ᠵᠠᠨ᠎ᠠ᠂ | ᠡᠴᠢᠬᠡ ᠶᠢᠨ ᠨᠡᠷ᠎ᠡ ᠢᠬᠡᠳᠦᠯᠮᠡᠭ᠂ ᠣᠶᠢᠭᠤᠷ ᠠᠶᠢᠮᠠᠭ ᠤᠨ ᠡᠵᠡᠨ ᠪᠣᠯᠠᠢ︾ ᠬᠡᠮᠡᠭᠰᠡᠨ ᠳᠤᠷ᠂ ᠠᠷᠰᠢ ᠠᠨᠣ᠄ ︽ | ᠵᠠᠨ᠎ᠠ ᠴᠢ ᠯᠠᠯᠣ ᠶᠢᠨ ᠮᠦᠷᠭᠦᠯ ᠲᠠᠢ ᠪᠣᠶᠣ︖︾ ᠬᠡᠮᠡᠪᠡᠰᠦ ᠵᠠᠨ᠎ᠠ᠄ ︽ᠲᠡᠭᠡᠳᠣ ᠲᠡᠭᠷᠢ ᠶᠢᠨ ᠠᠪᠣᠷᠠᠯ ᠢᠶᠠᠷ | ᠯᠠᠯᠣ ᠶᠢᠨ ᠮᠦᠷᠭᠦᠯᠳᠡᠨ ᠮᠦᠨ︾ ᠬᠡᠮᠡᠪᠠ᠃ ᠠᠷᠰᠢ ᠪᠠᠷ᠄ ︽ᠡ᠂ ᠬᠦᠪᠡᠬᠦᠨ ᠮᠢᠨᠣ ᠲᠡᠭᠷᠢ ᠪᠣᠷᠬᠠᠨ ᠬᠡᠮᠡᠭᠴᠢ | ᠭᠠᠵᠠᠷ ᠣᠷᠣᠨ ᠤ ᠪᠦᠬᠦᠳᠡ ᠳᠤᠷ ᠲᠦᠬᠡᠮᠡᠯ ᠪᠠᠶᠢᠳᠠᠭ ᠲᠣᠯᠨ ᠯᠠᠯᠣ ᠬᠢᠬᠡᠳ ᠮᠠᠨ ᠤ ᠦᠨᠳᠦᠰᠦᠲᠡᠨ ᠳᠤᠷ ᠨᠢᠭᠡᠨ | ᠠᠳᠠᠯᠢ ᠪᠣᠢ᠂ ᠵᠢᠴᠢ ᠣᠷᠭᠤᠵᠦ ᠪᠦᠬᠦᠢ ᠭᠠᠴᠣᠷ᠎ᠠ ᠮᠣᠳᠣᠨ ᠤ ᠮᠦᠴᠢᠷ ᠰᠢᠯᠪᠢ ᠪᠠ ᠴᠠᠰᠣᠨ ᠤ ᠰᠢᠷᠭᠡᠭ ᠬᠦᠷᠲᠡᠯ᠎ᠡ | ᠨᠠᠷᠠᠨ ᠰᠠᠷᠠᠨ ᠣᠳᠣᠳ ᠴᠦᠮ ᠪᠦᠷᠢᠨ ᠪᠣᠷᠬᠠᠨ ᠤ ᠮᠦᠨ ᠴᠢᠨᠠᠷ ᠢ ᠬᠦᠷᠳᠡᠵᠣᠬᠦᠢ᠃ ᠢᠬᠡᠳᠦᠯᠮᠡᠭ ᠤᠨ ᠬᠦᠪᠡᠬᠦᠨ | ᠵᠠᠨ᠎ᠠ ᠴᠢ ᠢᠨᠠᠭᠰᠢ ᠢᠷ᠎ᠡ᠂ ᠴᠢᠮᠠᠢᠢ ᠴᠣᠬᠤᠮ ᠬᠦ ᠲᠡᠭᠷᠢ ᠨᠠᠳᠣᠷ ᠢᠯᠡᠭᠡᠭᠰᠡᠨ ᠢᠨᠣ ᠪᠣᠯᠠᠢ᠂ ᠡᠨᠡ ᠡᠳᠦᠷ ᠠᠴᠠ | ᠬᠤᠶᠢᠰᠢ ᠪᠢ ᠴᠢᠨᠣ ᠡᠴᠢᠬᠡ᠂ ᠴᠢ ᠮᠢᠨᠣ ᠬᠦᠪᠡᠬᠦᠨ ᠪᠣᠭᠤᠯ ᠪᠣᠯᠣᠮᠣᠢ︾ ᠬᠡᠮᠡᠨ ᠣᠶᠠᠷᠠᠩᠭᠤᠢ ᠰᠡᠳᠬᠢᠯ ᠢᠶᠠᠨ | ᠭᠠᠷᠭᠠᠨ ᠬᠡᠯᠡᠵᠦ ᠭᠠᠷ ᠢᠶᠠᠷ ᠴᠡᠷᠢᠭ ᠤᠳ ᠢ ᠪᠣᠴᠠᠭᠳᠣᠨ ᠬᠡᠮᠡᠭᠰᠡᠨ᠎ᠠ ᠴᠡᠷᠢᠭ ᠤᠨ ᠲᠠᠷᠤᠭ᠎ᠠ ᠠᠨᠣ ᠰᠦᠷᠳᠡᠨ | ᠪᠢᠰᠢᠷᠡᠭᠰᠡᠭᠡᠷ ᠠᠷᠠᠶᠢᠬᠠᠨ ᠦᠨᠳᠡᠶᠢᠵᠦ᠂ ︽ᠠᠷᠠᠳ ᠪᠢᠳᠠᠨ᠎ᠠ ᠰᠠᠶᠢᠨ ᠵᠠᠷᠯᠢᠭ ᠢᠶᠠᠨ ᠦᠷᠦᠰᠢᠶᠡᠬᠦ ᠪᠣᠯᠪᠠᠣ᠂ ᠡᠨᠡ | ᠬᠢᠷᠢ ᠬᠦᠪᠡᠬᠦᠨ ᠳᠤᠷ ᠦᠬᠡ ᠬᠡᠯᠡᠭᠰᠡᠨ ᠪᠢᠰᠢᠣ︾ ᠬᠡᠮᠡᠨ ᠭᠤᠮᠣᠳᠠᠯ ᠭᠠᠷᠭᠠᠨ ᠦᠴᠢᠭᠰᠡᠨ ᠳᠤᠷ᠂ ᠠᠷᠰᠢ ᠪᠠᠷ | ᠴᠡᠷᠢᠭ ᠤᠳ ᠤᠨ ᠲᠡᠷᠭᠡᠳᠡ ᠬᠦᠷᠴᠦ ᠬᠤᠶᠠᠷ ᠭᠠᠷ ᠢᠶᠠᠨ ᠠᠳᠢᠰ ᠲᠠᠯᠪᠢᠬᠤ ᠮᠡᠳᠣ ᠰᠣᠩᠭᠠᠬᠤᠢ ᠯᠤᠭ᠎ᠠ ᠪᠡᠶ᠎ᠡ ᠢᠨᠣ | ᠷᠢᠳᠢ ᠬᠤᠪᠢᠯᠭᠠᠨ ᠤ ᠬᠦᠴᠦᠨ ᠢᠶᠠᠷ ᠣᠯᠠᠮ ᠶᠡᠭᠡ ᠪᠣᠯᠵᠦ᠂ ᠴᠡᠷᠢᠭ ᠤᠳ ᠮᠠᠰᠢ ᠰᠦᠷᠲᠡᠨ ᠠᠶᠣᠵᠦ ᠬᠦᠰᠡᠷ᠎ᠡ | ᠬᠡᠪᠲᠡᠬᠦᠢ ᠳᠤᠷ ᠠᠷᠰᠢ ᠵᠠᠷᠯᠢᠭ ᠪᠣᠯᠣᠷᠣᠨ᠄ ︽ᠪᠦᠬᠦᠨ᠎ᠠ ᠲᠦᠬᠡᠮᠡᠯ ᠶᠢᠷᠲᠢᠨᠴᠣ ᠶᠢᠨ ᠣᠷᠭᠤᠮᠠᠯ ᠪᠣᠳᠠᠰ ᠪᠠ ᠬᠦᠮᠦᠨ | ᠬᠢᠭᠡᠳ ᠠᠩ ᠬᠦᠷᠦᠭᠡᠰᠦ ᠪᠦᠬᠦᠳᠡ ᠶᠢ ᠠᠶᠢᠯᠠᠳᠣᠭᠴᠢ ᠪᠣᠷᠬᠠᠨ ᠴᠢᠮᠠᠳᠣᠷ ᠵᠠᠯᠪᠠᠷᠢᠮᠣᠢ᠃ ᠬᠠᠮᠤᠭ ᠢ ᠠᠶᠢᠯᠠᠳᠣᠭᠴᠢ | ᠪᠣᠷᠬᠠᠨ ᠦᠷᠦᠰᠢᠶᠡᠵᠦ ᠠᠷᠠᠳ ᠪᠣᠭᠤᠯᠴᠣᠳ ᠤᠨ ᠠᠮᠢ ᠨᠠᠰᠣ᠂ ᠠᠵᠦ ᠠᠮᠢᠳᠣᠷᠠᠯ ᠪᠠ ᠠᠳᠣᠭᠤ ᠮᠠᠯ ᠢ ᠢᠪᠡᠬᠡᠵᠦ | ᠠᠯᠢᠪᠠ ᠲᠣᠳᠬᠠᠷ ᠵᠣᠪᠠᠯᠠᠩ ᠠᠴᠠ ᠬᠡᠳᠦᠯᠭᠡᠨ ᠠᠶᠢᠯᠠᠳ᠂ ᠬᠠᠮᠤᠭ ᠢ ᠠᠶᠢᠯᠠᠳᠣᠭᠴᠢ ᠪᠣᠷᠬᠠᠨ ᠴᠢᠮ᠎ᠠ ᠳᠠᠭᠠᠨ | ᠵᠠᠯᠪᠠᠷᠢᠮᠦᠢ︾ ᠬᠡᠮᠡᠨ ᠭᠠᠷ ᠢᠶᠠᠨ ᠰᠣᠩᠭᠠᠭᠰᠠᠭᠠᠷ ᠪᠠᠶᠢᠳᠠᠯ᠎ᠠ ᠰᠠᠶᠢᠬᠢ ᠴᠡᠷᠢᠭ ᠤᠳ ᠶᠡᠬᠡᠯ ᠪᠠᠶᠠᠰᠣᠨ ᠦᠬᠡ ᠲᠠᠭᠤᠨ | ᠦᠬᠡᠢ ᠰᠡᠮᠡᠭᠡᠷ ᠪᠣᠰᠣᠭᠠᠳ ᠬᠡᠳᠡᠷᠬᠦ ᠬᠠᠷᠠᠯ ᠦᠬᠡᠢ ᠲᠣᠷᠣᠭᠰᠢ ᠪᠠᠭᠤᠵᠦ ᠣᠳᠪᠠᠢ᠃ ᠵᠠᠨ᠎ᠠ ᠬᠦᠪᠡᠬᠦᠨ ᠭᠠᠭᠴᠠᠭᠠᠷ | ᠠᠷᠰᠢ ᠶᠢᠨ ᠬᠠᠮᠳᠣ ᠦᠯᠡᠳᠡᠭᠡᠳ ᠬᠡᠨᠡᠳᠳᠡ ᠠᠶᠣᠵᠦ ᠪᠠᠷᠬᠢᠷᠠᠨ ᠨᠢᠭᠤᠷ ᠢᠶᠠᠨ ᠪᠢᠴᠢᠬᠠᠨ ᠬᠤᠷᠮᠣᠢ ᠪᠠᠷ ᠲᠠᠷᠣᠵᠦ | ᠨᠡᠯᠢᠶᠡᠳ ᠣᠬᠢᠯᠠᠭᠠᠳ ᠲᠣᠳᠣᠷ᠎ᠠ ᠠᠭᠤᠣ ᠪᠣᠯᠣᠨ ᠦᠨᠳᠡᠶᠢᠵᠦ ᠦᠵᠡᠪᠡᠰᠦ ᠬᠡᠨ ᠴᠦ᠋ ᠦᠬᠡᠢ᠂ ᠭᠠᠪ ᠭᠠᠭᠴᠠᠭᠠᠷ | ᠠᠵᠦᠭᠤ᠃ ᠲᠡᠷᠭᠡᠳᠡ ᠢᠨᠣ ᠵᠢᠯᠠᠭ᠎ᠠ ᠶᠢᠨ ᠢᠷᠦᠭᠠᠷ ᠲᠤᠷ ᠪᠦᠲᠦᠭᠦᠨ ᠭᠠᠴᠣᠷ᠎ᠠ ᠮᠣᠳᠣᠨ ᠤ ᠦᠨᠳᠦᠰᠦᠨ | ᠲᠣᠣᠷ᠎ᠠ ᠠᠴᠠ ᠣᠨᠳᠣᠷᠠᠭᠰᠠᠨ ᠲᠣᠩᠭᠠᠯᠠᠭ ᠪᠣᠯᠠᠭ ᠤᠨ ᠣᠰᠣᠨ ᠱᠣᠷ ᠱᠣᠷ ᠣᠷᠣᠰᠬᠤᠢ ᠶᠢ ᠰᠣᠨᠣᠰᠣᠭᠠᠳ ᠲᠡᠨᠳᠡ | ᠣᠴᠢᠵᠦ ᠨᠢᠭᠤᠷ ᠭᠠᠷ ᠢᠶᠠᠨ ᠣᠬᠢᠶᠠᠭᠠᠳ ᠲᠡᠭᠷᠢ ᠳᠡᠭᠡᠨ ᠶᠡᠬᠡᠯ ᠵᠠᠯᠪᠠᠷᠢᠭᠰᠠᠭᠠᠷ ᠲᠡᠩᠭᠡᠭᠡ ᠲᠠᠰᠣᠷᠠᠵᠦ ᠨᠢᠳᠣ ᠪᠠᠨ | ᠠᠨᠢᠵᠦ ᠣᠨᠳᠠᠭᠠᠳ ᠣᠣᠯ ᠨᠣᠳᠤᠭ ᠲᠠᠭᠠᠨ ᠣᠳᠴᠣᠬᠤᠢ ᠬᠡᠮᠡᠨ ᠵᠡᠬᠦᠳᠦᠯᠡᠬᠦᠢ ᠳᠤᠷ ᠦᠪᠡᠷ ᠤᠨ ᠪᠠᠭᠰᠢ ᠠᠨᠣ | ᠬᠤᠷᠠᠯᠳᠣᠨ ᠢᠷᠡᠭᠡᠳ ᠬᠡᠯᠡᠭᠰᠡᠨ ᠢᠨᠣ᠄ ︽ᠰᠡᠳᠬᠢᠯ ᠢᠶᠠᠨ ᠠᠭᠤᠣ ᠲᠠᠯᠪᠢ᠂ ᠴᠢᠨᠣ ᠬᠠᠮᠢᠭ᠎ᠠ ᠶᠠᠪᠣᠭᠰᠠᠨ ᠭᠠᠵᠠᠷ | ᠲᠤᠷ ᠰᠠᠯᠣᠯ ᠦᠬᠡᠢ ᠲᠡᠭᠷᠢ ᠰᠠᠬᠢᠮᠣᠢ᠂ ᠣᠶᠢᠳᠬᠠᠷ ᠭᠠᠰᠢᠭᠤᠨ ᠢᠷᠡᠪᠡᠰᠦ ᠲᠡᠭᠷᠢ ᠳᠡᠭᠡᠨ ᠵᠠᠯᠪᠠᠷᠢ᠂ ᠮᠠᠭᠠᠳ ᠴᠢᠮᠠᠢᠢ | ᠲᠣᠰᠠᠯᠠᠮᠣᠢ᠂ ᠡᠷ᠎ᠡ ᠵᠣᠷᠢᠭᠲᠠᠢ ᠶᠠᠪᠣᠭᠳᠣᠨ︕︾ ᠬᠡᠮᠡᠨ ᠢᠪ ᠢᠯᠡᠳᠳᠡ ᠵᠠᠷᠢᠯᠢᠭ ᠪᠣᠯᠬᠤᠢ ᠶᠢ ᠰᠣᠨᠣᠰᠣᠭᠠᠳ | ᠰᠣᠴᠢᠨ ᠰᠡᠷᠡᠪᠡᠰᠣ ᠲᠡᠷᠭᠡᠳᠡ ᠢᠨᠣ ᠮᠦᠨᠦ ᠶᠡᠭᠡ ᠪᠠᠭᠰᠢ ᠰᠢᠷᠲᠡᠨ ᠵᠣᠭᠰᠣᠵᠦ ︽ᠶᠠᠮᠪᠠᠷ ᠵᠡᠬᠦᠳᠦᠨ ᠵᠡᠬᠦᠳᠦᠯᠡᠪᠠᠢ︾ | ᠬᠡᠮᠡᠪᠡᠰᠦ ᠵᠠᠨ᠎ᠠ ᠬᠦᠪᠡᠬᠦᠨ ᠦᠬᠦᠯᠡᠷᠦᠨ᠄ ︽ᠴᠢ ᠮᠢᠨᠣ ᠵᠡᠭᠦᠳᠦᠯᠡᠭᠰᠡᠨ ᠢ ᠬᠡᠷᠬᠢᠵᠦ ᠮᠡᠳᠡᠮᠦᠢ︾ ᠬᠡᠮᠡᠪᠡᠰᠦ ᠠᠷᠰᠢ | ᠦᠬᠦᠯᠡᠷᠦᠨ᠄ ︽ᠪᠢ ᠴᠦᠮ ᠮᠡᠳᠡᠵᠦ ᠪᠠᠶᠢᠮᠦᠢ᠂ ᠴᠢ ᠦᠪᠡᠷ ᠤᠨ ᠨᠣᠳᠤᠭ ᠤᠨ ᠪᠠᠭᠰᠢ ᠨᠠᠷ ᠢ ᠦᠵᠡᠵᠦ | ᠵᠡᠭᠦᠳᠦᠯᠡᠭᠡᠳ ᠣᠳᠣ ᠲᠣᠳᠣᠷ᠎ᠠ ᠴᠢᠨᠣ ᠠᠭᠤᠵᠢᠮ᠂ ᠰᠡᠳᠬᠢᠯ ᠰᠡᠷᠭᠦᠵᠦ ᠵᠣᠷᠢᠭ ᠣᠷᠣᠭᠰᠠᠨ ᠪᠣᠰᠣ ᠤᠤ︖︾ | ᠬᠡᠮᠡᠬᠦᠢ ᠳᠤᠷ᠂ ᠵᠠᠨ᠎ᠠ ᠬᠦᠪᠡᠬᠦᠨ ᠭᠠᠶᠢᠬᠠᠵᠦ᠄ ︽ᠦᠨᠡᠨ᠂ ᠦᠨᠡᠨ᠂ ᠴᠢ ᠡᠨᠡ ᠮᠡᠳᠣ ᠪᠦᠬᠦᠳᠡ ᠶᠢ ᠮᠡᠳᠡᠳᠡᠭ | ᠪᠦᠬᠦᠨ ᠢ ᠴᠢᠳᠠᠳᠠᠭ ᠪᠣᠯᠪᠠᠰᠣ ᠨᠠᠮᠠᠢᠢ ᠲᠠᠷᠣᠶᠢᠬᠠᠨᠠ ᠨᠣᠳᠤᠭ ᠲᠤᠷ ᠮᠢᠨᠣ ᠬᠦᠷᠭᠡᠵᠦ ᠡᠴᠢᠭᠡ ᠡᠬᠡ ᠲᠠᠢ ᠮᠢᠨᠣ | ᠣᠴᠠᠷᠠᠭᠤᠯᠬᠤ ᠦᠬᠡᠢ ᠤᠤ︖︾ ᠬᠡᠮᠡᠪᠡᠰᠦ᠂ ᠶᠡᠭᠡ ᠠᠷᠰᠢ ᠬᠦᠪᠡᠬᠦᠨ ᠤ ᠵᠦᠭ ᠰᠢᠷᠲᠡᠨ ᠬᠠᠷᠠᠵᠦ᠄ ︽ᠵᠠᠨ᠎ᠠ | ᠬᠦᠪᠡᠬᠦᠨ ᠴᠢ ᠲᠡᠰᠪᠦᠷᠢᠯᠡᠬᠦ ᠬᠡᠷᠡᠭᠲᠠᠢ᠂ ᠴᠢᠨᠣ ᠵᠠᠶᠠᠭ᠎ᠠ ᠪᠣᠯᠪᠠᠰᠣ ᠣᠳᠠᠭᠠᠨ ᠶᠠᠪᠣᠵᠦ ᠶᠡᠭᠡ ᠪᠠᠭᠠᠳᠣᠷ ᠭᠠᠪᠢᠶ᠎ᠠ | ᠪᠠᠶᠢᠭᠤᠯᠣᠮᠦᠢ︾ ᠬᠡᠮᠡᠬᠦᠢ ᠳᠤᠷ ᠵᠠᠯᠠᠭᠤ ᠬᠦᠪᠡᠬᠦᠨ ᠶᠡᠬᠡᠯ᠎ᠡ ᠬᠦᠬᠡᠷᠴᠦ ᠦᠬᠦᠯᠡᠷᠦᠨ᠄ ︽ᠡ ᠨᠠᠮᠠᠢᠢ ᠲᠡᠭᠷᠢ | ᠦᠷᠦᠰᠢᠶᠡᠵᠦ ᠭᠠᠪᠢᠶ᠎ᠠ ᠲᠠᠢ ᠬᠦᠮᠦᠨ ᠪᠣᠯᠭᠠᠪᠠᠰᠣ ᠡᠴᠢᠭᠡ ᠡᠪᠦᠭᠡᠳ ᠤᠨ ᠨᠡᠷ᠎ᠡ ᠶᠢ ᠠᠯᠳᠠᠷᠰᠢᠭᠤᠯᠣᠶᠠ᠂ ᠪᠢ | ᠣᠶᠢᠭᠤᠷ ᠬᠦᠮᠦᠨ ᠮᠦᠨ᠂ ᠮᠠᠨ ᠤ ᠣᠶᠢᠭᠤᠷ ᠠᠶᠢᠮᠠᠭ ᠪᠣᠯᠪᠠᠰᠣ ᠬᠠᠭᠤᠴᠢᠨ ᠪᠠᠭᠠᠳᠣᠷ ᠨᠡᠷᠡᠲᠠᠢ︾ ᠬᠡᠮᠡᠨ | ᠦᠬᠦᠯᠡᠪᠡᠰᠦ᠄ ︽ᠬᠦᠪᠡᠬᠦᠨ ᠴᠢᠨᠣ ᠦᠬᠡ ᠶᠠᠭᠤᠳᠠᠢ ᠰᠠᠶᠢᠬᠠᠨ ᠪᠣᠢ᠂ ᠪᠠᠭᠠᠳᠣᠷ ᠵᠣᠷᠢᠭᠲᠠᠢ ᠡᠷᠡᠴᠣᠳ ᠲᠤᠷ ᠪᠢᠳᠠ | ᠲᠣᠷᠠᠯᠠᠮᠣᠢ᠂ ᠣᠳᠣ ᠴᠢ ᠢᠨᠠᠭᠰᠢ ᠢᠷ᠎ᠠ᠂ ᠮᠢᠨᠣ ᠰᠠᠭᠤᠬᠤ ᠣᠷᠣᠨ ᠢ ᠦᠵᠡᠲᠦᠭᠡᠢ᠃ ᠭᠠᠪᠢᠶ᠎ᠠ ᠪᠠᠶᠢᠭᠤᠯᠬᠤ ᠳᠤ | ᠣᠭᠤᠷᠴᠦ ᠦᠯᠦ ᠪᠣᠯᠬᠤ ᠶᠠᠭᠤᠮ᠎ᠠ ᠶᠢ ᠴᠢᠮᠠᠳᠣ ᠦᠭᠰᠦᠭᠡᠢ︾ ᠬᠡᠮᠡᠨ ᠬᠤᠶᠠᠭᠤᠯᠨ ᠬᠠᠨᠢᠯᠠᠨ ᠦᠬᠡᠳᠡ ᠠᠪᠴᠢᠷᠠᠵᠦ | ᠠᠭᠤᠢ ᠳᠤᠷ ᠣᠷᠣᠪᠠᠰᠣ ᠶᠡᠭᠡ ᠪᠦᠬᠡ ᠶᠢᠨ ᠰᠠᠭᠤᠭ᠎ᠠ ᠠᠭᠤᠢ ᠶᠢᠨ ᠲᠣᠳᠣᠷ᠎ᠠ ᠬᠤᠭᠤᠰᠣᠨ ᠪᠦᠬᠡᠳ ᠬᠠᠷᠠᠩᠭᠤᠢ᠂ | ᠭᠠᠭᠴᠠᠬᠦ ᠨᠢᠭᠡᠨ ᠶᠡᠭᠡ ᠵᠣᠯᠨ ᠪᠠᠳᠠᠷᠠᠵᠦ ᠪᠣᠢ᠃ ᠨᠢᠭᠡ ᠪᠣᠯᠣᠩ ᠳᠤᠷ ᠬᠠᠭᠤᠴᠢᠨ ᠠᠪᠳᠠᠷ᠎ᠠ᠂ ᠭᠠᠯ ᠤᠨ ᠲᠡᠷᠭᠡᠳᠡ | ᠬᠤᠶᠠᠷ ᠰᠨᠳᠠᠯᠢ ᠴᠢᠯᠠᠭᠤ᠂ ᠭᠠᠯ ᠤᠨ ᠲᠡᠭᠡᠷ᠎ᠡ ᠵᠢᠪᠡᠷᠡᠭᠰᠡᠨ ᠪᠢᠴᠢᠬᠠᠨ ᠭᠠᠣᠯᠢᠨ ᠲᠣᠭᠤᠭ᠎ᠠ᠂ ᠪᠠᠰᠨ ᠨᠢᠭᠡᠨ ᠪᠣᠯᠣᠩ | ᠳᠤᠷ ᠣᠷᠠᠩᠬᠠᠢ ᠲᠠᠰᠣᠷᠬᠠᠢ ᠡᠳ᠋᠂ ᠬᠦᠷᠦᠭᠡᠰᠦᠨ ᠤ ᠬᠡᠳᠦᠨ ᠠᠷᠠᠰᠣ ᠪᠣᠢ᠂ ᠠᠭᠤᠢ ᠶᠢᠨ ᠡᠬᠦᠳᠡᠨ ᠤ ᠲᠡᠷᠭᠡᠳᠡ | ᠦᠴᠦᠭᠡᠨ ᠮᠣᠳᠣᠨ ᠬᠦᠷᠢᠶᠡᠨ ᠤ ᠳᠣᠳᠣᠷ᠎ᠠ ᠲᠣᠯᠣᠭᠠᠢ ᠠᠨᠣ ᠰᠠᠶᠢᠬᠠᠨ᠂ ᠬᠦᠯ ᠢᠨᠣ ᠲᠡᠭᠰᠢ ᠨᠢᠭᠡᠨ | ᠦᠵᠡᠰᠭᠦᠯᠡᠩᠳᠣ ᠮᠣᠷᠢ ᠢᠨᠴᠠᠭᠠᠨ ᠣᠭᠳᠣᠪᠠᠰᠣ ᠡᠵᠡᠨ ᠢᠨᠣ ᠡᠷᠭᠡᠯᠡᠭᠦᠯᠦᠨ ᠰᠠᠶᠢᠬᠠᠨ ᠮᠣᠷᠢᠨ ᠤ ᠨᠢᠷᠣᠭᠤ ᠶᠢ | ᠭᠠᠷ ᠤᠨ ᠠᠯᠠᠭ᠎ᠠ ᠪᠠᠷ ᠲᠠᠰᠢᠵᠦ ᠦᠬᠦᠯᠡᠷᠦᠨ᠄ ︽ᠡᠨᠡ ᠴᠠᠭ ᠠᠴᠠ ᠡᠬᠢᠯᠡᠨ ᠵᠠᠨ᠎ᠠ ᠬᠦᠪᠡᠬᠦᠨ ᠴᠢᠨᠣ ᠮᠣᠷᠢ ᠡᠨᠡ | ᠮᠦᠨ᠂ ᠡᠨᠡ ᠦᠷᠢᠶ᠎ᠠ ᠮᠣᠷᠢᠨ ᠤ ᠨᠡᠷ᠎ᠡ ᠶᠢ ᠰᠠᠶᠢᠨ ᠪᠣᠭᠤᠷᠣᠯ ᠬᠡᠮᠡᠮᠦᠢ︾ ᠬᠡᠮᠡᠪᠡᠰᠦ᠂ ᠵᠠᠨ᠎ᠠ ᠬᠦᠪᠡᠬᠦᠨ ᠶᠡᠬᠡᠯ᠎ᠡ | ᠭᠠᠶᠢᠬᠠᠨ ᠪᠠᠶᠠᠷᠯᠠᠵᠦ ᠬᠡᠳᠦᠬᠡᠨ ᠪᠠᠶᠠᠷ ᠤᠨ ᠦᠬᠡ ᠲᠣᠳᠠᠭᠤ ᠵᠡᠮᠳᠡᠭ ᠬᠡᠯᠡᠭᠡᠳ ᠮᠣᠷᠢᠨ ᠤ ᠲᠡᠷᠭᠡᠳᠡ ᠡᠴᠢᠵᠦ | ᠮᠣᠷᠢ ᠶᠢ ᠡᠷᠭᠡᠯᠡᠭᠦᠯᠦᠨ ᠬᠠᠶᠢᠷᠠᠯᠠᠪᠠᠰᠣ ᠨᠢᠭᠤᠷ ᠰᠠᠶᠢᠳᠣ ᠠᠳᠣᠭᠤᠰᠣᠨ ᠬᠦᠪᠡᠬᠦᠨ ᠤ ᠨᠦᠬᠦᠷᠯᠡᠬᠦ ᠰᠠᠨᠠᠯ ᠢ ᠮᠡᠳᠡᠵᠦ | ᠶᠡᠬᠡᠳᠡ ᠪᠠᠶᠠᠷᠯᠠᠨ ᠢᠨᠴᠠᠭᠠᠭᠠᠳ ᠲᠣᠯᠣᠭᠠᠢ ᠪᠠᠨ ᠦᠯᠡᠶᠢᠵᠦ ᠬᠦᠪᠡᠬᠦᠨ ᠤ ᠮᠦᠷᠦᠨ ᠲᠡᠭᠡᠷ᠎ᠡ ᠲᠠᠯᠪᠢᠨ ᠦᠨᠦᠷᠰᠢᠪᠠᠢ | ᠃ ᠲᠠᠷᠠᠭ᠎ᠠ ᠨᠢᠭᠡᠨ ᠪᠣᠯᠣᠩ ᠳᠤᠷ ᠠᠭᠤᠢ ᠶᠢᠨ ᠡᠵᠡᠨ ᠬᠦᠷᠦᠭᠡᠰᠣᠨ ᠤ ᠠᠷᠠᠰᠣᠨ ᠢ ᠲᠡᠪᠢᠰᠴᠦ ᠬᠦᠪᠡᠬᠦᠨ ᠳᠤᠷ | ᠬᠡᠪᠳᠡᠰᠢ ᠵᠠᠰᠠᠨ ᠦᠭᠪᠠᠢ᠃ ᠣᠳᠠᠯ ᠦᠬᠡᠢ ᠬᠠᠪ ᠬᠠᠷᠠᠩᠭᠤᠢ ᠪᠣᠯᠵᠦ᠂ ᠶᠡᠭᠡ ᠠᠷᠰᠢ ᠰᠢᠨ᠎ᠠ ᠪᠠᠮᠪᠠᠷ ᠬᠡᠷᠡᠯ | ᠨᠣᠴᠣᠭᠠᠵᠦ ᠬᠠᠳᠠᠨ ᠳᠤᠷ ᠬᠠᠳᠬᠤᠭᠠᠳ ᠬᠤᠷᠣᠭᠤ ᠪᠠᠷ ᠡᠬᠦᠳᠡᠨ ᠤ ᠬᠠᠵᠠᠭᠤ ᠳᠠᠬᠢ ᠬᠠᠳᠠᠨ ᠤ ᠲᠡᠪᠰᠡᠭ ᠢ | ᠵᠢᠭᠠᠬᠤᠢ ᠳᠤᠷ ᠡᠴᠢᠵᠦ ᠦᠵᠡᠪᠡᠰᠦ᠂ ᠬᠤᠨᠢᠨ ᠤ ᠮᠢᠬ᠎ᠠ᠂ ᠭᠤᠷᠭᠤᠣᠯ ᠲᠠᠣᠯᠠᠢ᠂ ᠰᠦ ᠪᠢᠰᠢᠯᠠᠭ ᠲᠣᠰᠣ᠂ ᠬᠡᠳᠦᠨ | ᠠᠶᠠᠭ᠎ᠠ ᠠᠶᠢᠷᠠᠭ ᠪᠠᠶᠢᠬᠤ ᠪᠦᠬᠡᠳ ᠵᠠᠷᠢᠮ ᠠᠨᠣ ᠰᠢᠨᠡᠬᠡᠨ ᠠᠪᠴᠢᠷᠠᠭᠰᠠᠨ ᠪᠠᠶᠢᠳᠠᠯ ᠲᠠᠢ᠂ ᠵᠠᠷᠢᠮ ᠠᠨᠣ | ᠬᠠᠭᠤᠴᠢᠷᠠᠭᠰᠠᠨ ᠬᠠᠳᠠᠭᠰᠠᠨ ᠠᠮᠣᠢ᠂ ᠠᠷᠰᠢ ᠪᠠᠷ ᠦᠬᠦᠯᠡᠷᠦᠨ᠄ ︽ᠵᠠᠨ᠎ᠠ ᠬᠦᠪᠡᠬᠦᠨ ᠴᠢ ᠭᠠᠯ ᠲᠦᠯᠡᠵᠦ | ᠬᠤᠭᠤᠯᠨ ᠠᠴᠠ ᠴᠢᠨᠠᠵᠦ ᠲᠣᠷᠠᠳᠠᠢ ᠪᠠᠨ ᠴᠠᠳᠳᠠᠯ᠎ᠠ ᠢᠳᠡ᠂ ᠦᠯᠡᠭᠰᠡᠨ ᠢ ᠨᠢ ᠣᠭᠳᠠᠷᠭᠤᠢ ᠶᠢᠨ ᠰᠢᠪᠠᠭᠤᠳ᠂ | ᠠᠩ ᠭᠦᠷᠦᠭᠡᠰᠦᠨ ᠳᠤ ᠰᠠᠴᠣ ᠦᠭ᠂ ᠨᠠᠳᠠ ᠬᠤᠭᠤᠯᠨ ᠬᠡᠷᠡᠭ ᠦᠬᠡᠢ︾ ᠬᠡᠮᠡᠪᠠ᠃ ᠵᠠᠨ᠎ᠠ ᠬᠦᠪᠡᠬᠦᠨ | ᠠᠷᠰᠢ ᠠᠴᠠ ᠠᠶᠣᠬᠤ ᠶᠢ ᠪᠠᠶᠢᠵᠦ᠂ ᠭᠠᠯ ᠨᠣᠴᠣᠭᠠᠨ ᠬᠤᠭᠤᠯᠨ ᠴᠢᠨᠠᠪᠠᠢ᠃ ᠠᠷᠰᠢ ᠠᠶᠠᠭᠠᠨ ᠳᠠᠭᠠᠨ ᠠᠶᠢᠷᠠᠭ | ᠬᠢᠵᠦ ᠲᠡᠷᠭᠡᠳᠡ ᠪᠠᠨ ᠲᠠᠯᠪᠢᠭᠠᠳ ᠠᠪᠳᠠᠷ ᠲᠣᠳᠣᠷ᠎ᠠ ᠠᠴᠠ ᠨᠢᠭᠡᠨ ᠬᠠᠵᠠᠭᠠᠷ ᠪᠣᠷᠣᠭᠤ ᠦᠰᠦᠭᠲᠠᠢ ᠲᠡᠪᠳᠡᠷ | ᠭᠠᠷᠭᠠᠵᠦ ᠠᠪᠣᠭᠠᠳ ᠭᠡᠷᠡᠯ ᠤᠨ ᠲᠡᠷᠭᠡᠳᠡ ᠢᠷᠡᠵᠦ ᠣᠩᠰᠢᠨ ᠰᠠᠭᠤᠮᠦᠢ᠃ ᠲᠡᠬᠦᠨ ᠤ ᠪᠠᠮᠪᠠᠷ ᠤᠨ ᠬᠡᠷᠡᠯ | ᠲᠣᠰᠣᠭᠰᠠᠨ ᠨᠢᠭᠤᠷ ᠢ ᠠᠵᠢᠭᠯᠠᠪᠠᠰᠣ ᠴᠢᠷᠠᠢ ᠠᠨᠣ ᠮᠡᠷᠭᠡᠳ ᠤᠨ ᠰᠢᠨᠵᠢᠲᠠᠢ᠂ ᠬᠠᠪ ᠬᠠᠷ᠎ᠠ ᠦᠰᠦᠨ ᠠᠴᠠ ᠨᠢᠭᠡᠨ | ᠵᠢᠭᠳᠡ ᠬᠡᠷᠡᠯ ᠰᠠᠴᠣᠷᠠᠮᠦᠢ᠃ ᠵᠠᠨ᠎ᠠ ᠬᠦᠪᠡᠬᠦᠨ ᠲᠡᠬᠦᠨ ᠢ ᠬᠠᠷᠠᠭᠠᠳ ᠨᠢᠳᠣᠨ ᠢᠶᠠᠨ ᠰᠠᠯᠭᠠᠵᠦ ᠴᠢᠳᠠᠭᠰᠠᠨ ᠦᠬᠡᠢ | ᠬᠦᠯᠢᠷᠡᠵᠦ ᠨᠡᠯᠢᠶᠡᠳ ᠣᠳᠠᠭᠠᠨ ᠰᠠᠭᠤᠵᠦ ᠪᠠᠶᠢᠳᠠᠯ᠎ᠠ ᠨᠣᠶᠢᠷ ᠦᠯᠡᠮᠵᠢ ᠬᠦᠷᠬᠦ ᠯᠦᠭᠡ ᠵᠦᠬᠡᠯᠡᠨ ᠬᠡᠪᠲᠡᠰᠢᠨ ᠲᠡᠭᠡᠷ᠎ᠡ | ᠡᠴᠢᠵᠦ ᠵᠠᠯᠠᠭᠤ ᠬᠦᠮᠦᠨ ᠤ ᠣᠨᠳᠠᠯᠠᠭᠠ ᠪᠠᠷ ᠨᠣᠷᠰᠣᠵᠣᠬᠤᠢ᠃ | ᠡᠨᠡ ᠮᠡᠳᠣ ᠪᠠᠷ ᠬᠤᠨᠤᠭ ᠦᠩᠭᠡᠷᠡᠭᠦᠯᠦᠭᠰᠡᠭᠡᠷ ᠬᠠᠪᠣᠷ ᠪᠣᠯᠵᠦ ᠪᠠᠰᠨ ᠵᠣᠨ ᠢᠷᠡᠪᠡᠰᠦ ᠵᠠᠨ᠎ᠠ ᠬᠦᠪᠡᠬᠦᠨ ᠤ ᠪᠠᠶᠢᠳᠠᠯ | ᠶᠡᠷᠦ ᠬᠤᠪᠢᠯᠣᠭᠰᠠᠨ ᠵᠣᠶᠢᠯ ᠦᠬᠡᠢ᠂ ᠢᠳᠡᠬᠦ ᠣᠣᠭᠤᠬᠤ ᠪᠠ ᠦᠯᠡᠭᠰᠡᠨ ᠬᠤᠭᠤᠯᠨ ᠶᠢ ᠣᠭᠳᠠᠷᠭᠤᠢ ᠶᠢᠨ | ᠰᠢᠪᠠᠭᠤᠳ᠂ ᠲᠡᠯᠡᠬᠡᠢ ᠶᠢᠨ ᠠᠩ ᠬᠦᠷᠦᠭᠡᠰᠦᠨ ᠳᠤ ᠬᠠᠶᠠᠵᠦ ᠦᠭᠭᠦᠬᠡᠳ᠂ ᠠᠭᠤᠯᠨ ᠶᠢᠨ ᠣᠢ ᠳᠤ ᠬᠡᠰᠦᠵᠦ | ᠮᠣᠷᠢᠨ ᠢᠶᠠᠨ ᠡᠷᠭᠡᠯᠡᠭᠦᠯᠦᠨ ᠴᠠᠭ ᠢ ᠦᠩᠭᠡᠷᠡᠬᠦᠯᠦᠮᠦᠢ᠃ ᠨᠢᠭᠡᠨ ᠦᠷᠯᠦᠭᠡ ᠪᠣᠰᠣᠭᠠᠳ ᠰᠠᠶᠢᠨ ᠪᠣᠭᠤᠷᠣᠯ ᠮᠣᠷᠢ | ᠪᠠᠨ ᠣᠨᠣᠵᠦ ᠭᠤᠣᠯ ᠳᠤ ᠣᠷᠣᠬᠤ ᠬᠡᠳᠡᠯ᠎ᠡ ᠶᠡᠭᠡ ᠪᠦᠬᠡ ᠢᠨᠣ ᠲᠡᠷᠭᠡᠳᠡ ᠢᠷᠡᠵᠦ ᠦᠬᠦᠯᠡᠷᠦᠨ᠄ ︽ᠴᠢ ᠮᠢᠨᠣ | ᠬᠦᠪᠡᠬᠦᠨ ᠲᠣᠯᠨ ᠬᠠᠭᠤᠴᠢᠷᠠᠭᠰᠠᠨ ᠬᠤᠪᠴᠠᠰᠣ ᠲᠠᠢ᠂ ᠵᠡᠪᠰᠡᠭ ᠦᠬᠡᠢ ᠪᠠᠷ ᠣᠯᠠᠨ ᠬᠦᠮᠦᠨ ᠤ ᠲᠣᠮᠳᠠ | ᠦᠵᠡᠭᠳᠡᠵᠦ ᠦᠯᠦ ᠪᠣᠯᠣᠮᠣᠢ︾ ᠬᠡᠮᠡᠨ ᠠᠭᠤᠢ ᠳᠠᠭᠠᠨ ᠬᠦᠳᠦᠯᠵᠦ ᠣᠷᠣᠭᠤᠯᠣᠭᠠᠳ ᠨᠢᠭᠡᠨ ᠪᠣᠯᠣᠩ ᠳᠤ | ᠲᠠᠯᠪᠢᠭᠰᠠᠨ ᠪᠣᠭᠤᠳᠠᠯ ᠢ ᠵᠠᠳᠠᠯᠵᠦ ᠶᠡᠭᠡ ᠦᠨ᠎ᠡ ᠲᠠᠢ ᠰᠠᠶᠢᠬᠠᠨ ᠬᠤᠪᠴᠠᠰᠣ ᠪᠠ ᠣᠷᠠᠨ ᠬᠡ ᠲᠠᠢ ᠰᠠᠭᠠᠳᠠᠭ | ᠬᠤᠷᠣᠮᠰᠠᠭ᠎ᠠ᠂ ᠮᠦᠩᠭᠦᠨ ᠬᠤᠢ ᠲᠠᠢ ᠬᠢᠲᠤᠭ᠎ᠠ ᠭᠠᠷᠭᠠᠵᠦ ︽ᠡᠨᠡ ᠪᠦᠬᠦᠳᠡ ᠴᠢᠨᠣ ᠶᠠᠭᠤᠮ᠎ᠠ︾ ᠬᠡᠮᠡᠨ ᠬᠡᠯᠡᠵᠦ | ᠦᠭᠪᠠᠢ᠃ ᠵᠠᠨ᠎ᠠ ᠬᠦᠪᠡᠬᠦᠨ ᠶᠡᠬᠡᠯ᠎ᠡ ᠪᠠᠶᠠᠷᠯᠠᠵᠦ ᠡᠪᠦᠳᠦᠭ ᠲᠤᠷ ᠴᠢᠨᠣ ᠮᠦᠷᠬᠦᠶ᠎ᠠ ᠬᠡᠮᠡᠳᠡᠯ᠎ᠡ ᠠᠷᠰᠢ ᠪᠠᠷ ᠪᠣᠴᠠᠨ | ᠶᠠᠪᠣᠵᠣᠬᠤᠢ᠃ ᠵᠠᠨ᠎ᠠ ᠶᠡᠬᠡᠯ᠎ᠡ ᠪᠠᠶᠠᠰᠣᠨ ᠲᠡᠰᠴᠣ ᠶᠠᠳᠠᠬᠤᠢ ᠳᠠᠭᠠᠨ ᠰᠠᠶᠢᠨ ᠪᠣᠭᠤᠷᠣᠯ ᠮᠣᠷᠢᠨ ᠢᠶᠠᠨ ᠬᠦᠵᠦᠬᠦᠳᠡᠨ | ᠲᠡᠪᠡᠷᠢᠵᠦ ᠲᠠᠭᠠᠯᠠᠨ᠂ ᠪᠠᠶᠠᠷᠯᠠᠭᠰᠠᠨ ᠢᠶᠠᠨ ᠬᠡᠯᠡᠵᠦ ᠮᠣᠷᠢᠨ ᠲᠡᠭᠡᠷ᠎ᠡ ᠪᠠᠨ ᠬᠠᠷᠠᠶᠢᠵᠦ ᠭᠠᠷᠣᠭᠠᠳ ᠠᠭᠤᠯᠨ ᠠᠴᠠ | ᠭᠤᠣᠯ ᠳᠤᠷ ᠬᠦᠷᠳᠡᠯ᠎ᠡ ᠴᠣᠩᠬᠢᠭᠤᠯᠣᠨ ᠣᠷᠣᠬᠤᠢ ᠳᠤᠷ ᠮᠣᠩᠭᠤᠯ ᠢᠵᠠᠭᠤᠷ ᠤᠨ ᠠᠷᠣᠯᠠᠳ ᠠᠶᠢᠮᠠᠭ ᠤᠨ ᠬᠡᠳᠦᠨ | ᠠᠶᠢᠯ ᠨᠣᠳᠣᠭᠯᠠᠨ ᠰᠠᠭᠤᠮᠣᠢ᠃ ᠵᠠᠨ᠎ᠠ ᠦᠶ᠎ᠡ ᠶᠢᠨ ᠵᠠᠯᠠᠭᠤᠴᠣᠳ ᠯᠤᠭ᠎ᠠ ᠨᠦᠬᠦᠷᠯᠡᠨ ᠬᠠᠨᠢᠯᠠᠳᠠᠭ ᠪᠦᠬᠡᠳ | ᠡᠳᠡᠭᠡᠷ ᠤᠨ ᠳᠣᠳᠣᠷ᠎ᠠ ᠠᠴᠠ ᠠᠶᠢᠮᠠᠭ ᠤᠨ ᠡᠵᠡᠨ ᠤ ᠬᠦᠪᠡᠬᠦᠨ ᠠᠯᠠᠭ ᠬᠡᠮᠡᠬᠦ ᠪᠡᠶ᠎ᠡ ᠲᠣᠮᠣ᠂ ᠪᠠᠭᠠᠳᠣᠷ ᠰᠢᠨᠵᠢᠳᠠᠢ | ᠨᠢᠭᠡᠨ ᠬᠦᠪᠡᠬᠦᠨ ᠯᠦᠭᠡ ᠢᠨᠠᠭᠯᠠᠨ ᠨᠦᠬᠦᠷᠯᠡᠪᠠᠢ᠃ ᠠᠯᠠᠭ ᠬᠦᠪᠡᠬᠦᠨ ᠬᠦᠭᠴᠦ ᠪᠦᠬᠡ ᠶᠢᠨ ᠱᠠᠪᠢ ᠵᠠᠨ᠎ᠠ ᠳᠤᠷ | ᠶᠡᠬᠡᠯ᠎ᠡ ᠡᠶᠡᠯᠳᠡᠭ ᠲᠣᠷᠠᠳᠠᠢ ᠠᠵᠣᠭᠤ᠃ ᠮᠠᠨ ᠤ ᠵᠠᠨ᠎ᠠ ᠬᠦᠪᠡᠬᠦᠨ ᠢᠨᠠᠭ ᠨᠦᠬᠦᠷ ᠠᠯᠠᠭ ᠤᠨ ᠭᠡᠷ ᠲᠤᠷ ᠬᠦᠷᠦᠰᠭᠡᠢ | ᠬᠡᠮᠡᠨ ᠶᠠᠪᠣᠳᠠᠯ᠎ᠠ ᠬᠠᠷᠢᠨ ᠰᠨᠠᠮᠰᠠᠷ ᠦᠬᠡᠢ ᠡᠮᠦᠨ᠎ᠠ ᠠᠴᠠ ᠢᠨᠣ ᠠᠯᠠᠭ ᠬᠦᠪᠡᠬᠦᠨ ᠬᠤᠷ ᠲᠡᠯ ᠲᠠᠢ ᠪᠢᠴᠢᠬᠠᠨ ᠮᠣᠷᠢ | ᠪᠠᠨ ᠣᠨᠣᠵᠦ ᠢᠰᠭᠡᠷᠦᠭᠰᠡᠭᠡᠷ ᠠᠶᠢᠰᠣᠢ᠂ ᠬᠦᠷᠴᠦ ᠢᠷᠡᠭᠡᠳ ᠵᠠᠨ᠎ᠠ ᠬᠦᠪᠡᠬᠦᠨ ᠢ ᠭᠠᠶᠢᠬᠠᠵᠦ ᠨᠢᠭᠡᠨ ᠬᠤᠶᠠᠷ | ᠲᠣᠭᠤᠷᠢᠨ ᠬᠠᠷᠠᠭᠠᠳ ᠲᠡᠷᠭᠡᠳᠡ ᠢᠨᠣ ᠢᠷᠡᠵᠦ ᠨᠣᠮᠣ ᠶᠢ ᠠᠪᠴᠣ ᠦᠵᠡᠪᠠᠢ᠃ ᠪᠠᠰᠨ ᠰᠣᠷᠣᠮᠰᠠᠭᠠ ᠰᠠᠭᠠᠳᠠᠭ ᠢ | ᠭᠠᠶᠢᠬᠠᠨ ᠨᠠᠷᠢᠪᠴᠢᠯᠠᠵᠦ ᠦᠵᠡᠭᠡᠳ ᠭᠡᠳᠡᠷᠬᠦ ᠢᠨᠣ ᠪᠣᠴᠠᠭᠠᠵᠦ᠂ ᠪᠠᠰᠨ ᠪᠦᠰᠡᠨ ᠳᠤᠷ ᠪᠠᠶᠢᠭᠰᠠᠨ ᠬᠢᠳᠤᠭ᠎ᠠ ᠶᠢ | ᠰᠣᠭᠤᠯᠣᠨ ᠠᠪᠴᠣ ᠦᠵᠡᠪᠠᠢ᠃ ᠬᠡᠳᠦᠢ ᠦᠵᠡᠪᠡᠰᠦ ᠭᠠᠶᠢᠬᠠᠵᠦ ᠬᠠᠨᠣᠬᠤ ᠦᠬᠡᠢ᠂ ᠨᠢᠭᠡᠨ ᠦᠶ᠎ᠡ ᠨᠣᠮᠣ ᠶᠢ | ᠲᠠᠮᠰᠢᠶᠠᠯᠭᠠᠵᠦ ᠦᠵᠡᠨ᠂ ᠨᠢᠭᠡᠨ ᠦᠶ᠎ᠡ ᠰᠠᠭᠠᠳᠠᠭ ᠬᠤᠷᠣᠮᠰᠠᠭ᠎ᠠ ᠶᠢ ᠭᠠᠷ ᠲᠡᠭᠡᠷ᠎ᠡ ᠪᠠᠨ ᠡᠷᠭᠦᠨ ᠦᠵᠡᠮᠦᠢ᠃ | ᠨᠢᠭᠡᠨ ᠦᠶ᠎ᠡ ᠰᠠᠶᠢᠬᠠᠨ ᠬᠢᠳᠤᠭ᠎ᠠ ᠶᠢ ᠰᠣᠭᠤᠯᠣᠨ ᠠᠪᠣᠭᠠᠳ ᠨᠠᠷᠠᠨ ᠳᠤᠷ ᠬᠢᠯᠠᠯᠵᠠᠭᠤᠯᠣᠨ ᠨᠠᠭᠠᠳᠣᠮᠣᠢ᠂ ᠡᠶᠢᠨ ᠬᠦ | ᠠᠭᠰᠠᠭᠠᠷ ᠨᠡᠯᠢᠶᠡᠳ ᠣᠳᠠᠭᠰᠠᠨ ᠤ ᠬᠤᠶᠢᠨ᠎ᠠ ᠡᠶᠢᠨ ᠦᠬᠦᠯᠡᠷᠦᠨ᠄ ︽ᠵᠠᠨ᠎ᠠ ᠴᠢᠨᠣ ᠵᠡᠬᠦᠭᠰᠡᠨ ᠵᠡᠷ ᠵᠡᠪᠰᠡᠭ | ᠪᠣᠯᠪᠠᠰᠣ ᠬᠠᠨ ᠬᠦᠮᠦᠨ ᠯᠦᠭᠡ ᠠᠳᠠᠯᠢ᠂ ᠴᠢ ᠡᠶᠢᠮᠦ ᠰᠠᠶᠢᠨ ᠵᠡᠪᠰᠡᠭ ᠢ ᠬᠠᠮᠢᠭ᠎ᠠ ᠠᠴᠠ ᠣᠯᠪᠠᠢ︾ ᠬᠡᠮᠡᠭᠰᠡᠨ ᠳᠤᠷ᠂ | ︽ᠶᠡᠭᠡ ᠠᠷᠰᠢ ᠬᠦᠭᠴᠦ ᠪᠦᠬᠡ ᠨᠠᠳᠣᠷ ᠪᠡᠯᠡᠭ ᠦᠭᠪᠡᠢ︾ ᠬᠡᠮᠡᠪᠡᠰᠦ ᠠᠯᠠᠭ ᠬᠦᠪᠡᠬᠦᠨ ᠦᠬᠦᠯᠡᠷᠦᠨ᠄ ︽ᠴᠢᠮᠠᠢᠢ | ᠡᠶᠢᠮᠦ ᠰᠠᠶᠢᠬᠠᠨ ᠵᠡᠪᠰᠡᠭ ᠲᠠᠢ ᠳᠤᠷ ᠶᠡᠬᠡᠳᠡ ᠪᠠᠶᠠᠰᠪᠠᠢ᠂ ᠣᠳᠣ ᠦᠶ᠎ᠡ ᠴᠢ ᠪᠢᠳᠠ ᠬᠤᠶᠠᠷ ᠲᠤᠷ ᠣᠨᠣᠬᠤ ᠮᠣᠷᠢ | ᠠᠩᠨᠠᠬᠤ ᠵᠡᠪᠰᠡᠭ ᠬᠢᠦᠴᠡᠯᠳᠦᠵᠦᠬᠦᠢ᠃ ᠰᠠᠨᠠᠪᠠᠰᠣ ᠪᠢᠳᠠᠨ ᠳᠤᠷ ᠣᠳᠠᠯ ᠦᠬᠡᠢ ᠰᠡᠯᠡᠮ᠎ᠠ ᠵᠢᠳᠠ ᠦᠭᠬᠦᠮᠦᠢ ᠢ ᠡ᠂ | ᠲᠡᠷᠨ ᠬᠦᠢᠴᠡᠯᠳᠦᠪᠠᠰᠣ ᠶᠡᠭᠡ ᠬᠠᠭᠠᠨ ᠲᠡᠮᠦᠵᠢᠨ ᠤ ᠲᠤᠭ ᠤᠨ ᠲᠣᠣᠷ᠎ᠠ ᠶᠠᠪᠣᠵᠦ ᠵᠢᠳᠬᠦᠰᠦᠬᠡᠢ︾ ᠬᠡᠮᠡᠪᠠ᠃ | ᠲᠡᠮᠦᠵᠢᠨ ᠢ ᠴᠢ ᠡᠨᠡ ᠮᠡᠳᠣ ᠡᠷᠬᠦᠮᠵᠢᠯᠡᠳᠡᠭ ᠪᠣᠶᠣ ᠬᠡᠮᠡᠨ ᠠᠰᠠᠭᠤᠬᠤᠢ ᠳᠤᠷ ᠠᠯᠠᠭ ᠬᠦᠪᠡᠬᠦᠨ ᠰᠢᠮᠳᠠᠨ ᠬᠦᠬᠡᠷᠴᠦ | ᠦᠬᠦᠯᠡᠷᠦᠨ᠄ ︽ᠶᠡᠭᠡ ᠬᠠᠭᠠᠨ ᠲᠡᠮᠦᠵᠢᠨ ᠬᠡᠮᠡᠭᠴᠢ ᠬᠠᠮᠤᠭ ᠪᠠᠭᠠᠳᠣᠷ ᠤᠳ ᠤᠨ ᠲᠡᠷᠢᠬᠦᠯᠡᠭᠴᠢ ᠡᠵᠡᠨ ᠢᠨᠣ ᠮᠦᠨ᠂ | ᠲᠡᠬᠦᠨ ᠤ ᠬᠦᠴᠦᠨ ᠠᠷᠰᠯᠠᠨ ᠯᠤᠭ᠎ᠠ ᠠᠳᠠᠯᠢ᠂ ᠵᠣᠷᠢᠭ ᠠᠨᠣ ᠪᠦᠷᠭᠦᠳ ᠮᠡᠳᠣ᠂ ᠡᠴᠢᠭᠡ ᠢᠨᠣ ᠨᠡᠷᠡᠲᠠᠢ ᠶᠡᠭᠡ | ᠪᠠᠭᠠᠳᠣᠷ ᠪᠣᠯᠪᠠᠴᠣ᠂ ᠬᠦᠪᠡᠬᠦᠨ ᠢᠨᠣ ᠪᠠᠭᠠᠳᠣᠷ ᠵᠣᠷᠢᠭ ᠢᠶᠠᠷ ᠡᠴᠢᠭᠡ ᠠᠴᠠ ᠢᠯᠡᠬᠦᠦ ᠬᠡᠮᠡᠬᠦ ᠴᠣ᠋ ᠪᠠᠶᠢᠳᠣᠭᠠᠢ᠂ | ᠬᠦᠬᠡ ᠲᠡᠭᠷᠢ ᠠᠴᠠ ᠲᠣᠷᠣᠭᠰᠢ ᠬᠦᠷᠦᠰᠦᠳᠣ ᠠᠯᠳᠠᠨ ᠲᠡᠯᠡᠬᠡᠢ ᠲᠡᠭᠡᠷᠡᠬᠢ ᠦᠩᠭᠡᠷᠡᠭᠰᠡᠨ ᠪᠠ ᠡᠳᠦᠬᠡ ᠶᠢᠨ ᠣᠯᠠᠨ | ᠪᠠᠭᠠᠳᠣᠷ ᠤᠳ ᠤᠨ ᠠᠯᠢᠨ ᠠᠴᠠ ᠴᠣ᠋ ᠢᠯᠡᠬᠦᠦ ᠪᠦᠯᠦᠭᠡ᠃ ᠴᠢ ᠡᠨᠡ ᠬᠦᠮᠦᠨ ᠢ ᠦᠵᠡᠬᠡᠳᠦᠢ ᠲᠣᠯᠨ ᠣᠯᠵᠦ | ᠮᠡᠳᠡᠬᠦ ᠦᠬᠡᠢ ᠪᠠᠶᠢᠨ᠎ᠠ᠃ ᠲᠡᠬᠦᠨ ᠤ ᠨᠢᠳᠣᠨ ᠢᠨᠣ ᠬᠤᠷᠴᠨ ᠪᠦᠬᠡᠳ ᠰᠦᠷᠲᠠᠢ᠂ ᠨᠢᠭᠤᠷ ᠠᠨᠣ ᠠᠭᠤᠵᠢᠮ | ᠪᠦᠬᠡᠳ ᠵᠣᠷᠢᠭᠳᠠᠢ᠂ ᠡᠨᠡ ᠣᠨᠣᠨ ᠮᠦᠷᠡᠨ ᠤ ᠬᠦᠪᠡᠬᠡᠨ ᠲᠡᠭᠡᠷ᠎ᠡ ᠮᠠᠷᠭᠠᠰᠢ ᠦᠷᠯᠦᠭᠡ ᠬᠤᠷᠠᠯ ᠳᠠᠭᠠᠨ ᠵᠠᠯᠠᠷᠠᠵᠦ | ᠣᠯᠠᠨ ᠨᠦᠬᠦᠳ ᠢᠶᠠᠨ ᠬᠤᠷᠢᠮᠯᠠᠬᠤ ᠲᠣᠯᠨ ᠣᠳᠠᠯ ᠦᠬᠡᠢ ᠲᠡᠮᠦᠵᠢᠨ ᠢ ᠦᠵᠡᠮᠦᠢ︾ ᠬᠡᠮᠡᠭᠡᠳ ᠬᠤᠶᠠᠷ ᠬᠦᠪᠡᠬᠦᠨ | ᠰᠠᠶ᠋ᠢᠬᠠᠨ ᠣᠷᠭᠤᠵᠦ ᠪᠠᠶᠢᠭ᠎ᠠ ᠨᠢᠯᠬ᠎ᠠ ᠨᠣᠭᠤᠭᠠᠨ ᠤ ᠲᠡᠷᠭᠡᠳᠡ ᠮᠣᠷᠢ ᠪᠠᠨ ᠲᠠᠯᠪᠢᠵᠦ᠂ ᠦᠪᠡᠷᠰᠡᠳ ᠢᠶᠠᠨ | ᠲᠣᠪᠣᠨ ᠤ ᠲᠡᠭᠡᠷ᠎ᠡ ᠰᠠᠭᠤᠭᠠᠳ ᠠᠪᠴᠣ ᠶᠠᠪᠣᠭᠰᠠᠨ ᠬᠤᠨᠢᠨ ᠤ ᠮᠢᠬ᠎ᠠ ᠶᠢ ᠢᠳᠡᠬᠦ ᠵᠠᠭᠤᠷ᠎ᠠ ᠠᠯᠠᠭ ᠬᠦᠪᠡᠬᠦᠨ | ᠲᠡᠮᠦᠵᠢᠨ ᠤ ᠪᠠᠭᠠᠳᠣᠷ ᠢ ᠶᠡᠬᠡᠯ᠎ᠡ ᠮᠠᠭᠳᠠᠨ ᠦᠬᠦᠯᠡᠭᠰᠡᠨ ᠢᠨᠣ᠄ ︽ᠠᠩᠬᠠᠨ ᠳᠤᠷ ᠡᠨᠡ ᠲᠡᠮᠦᠵᠢᠨ ᠪᠣᠯᠪᠠᠰᠣ ᠨᠢᠭᠡᠨ | ᠬᠡᠳᠦᠨ ᠪᠠᠭ᠎ᠠ ᠣᠳᠤᠭ ᠤᠳ ᠤᠨ ᠲᠡᠷᠢᠬᠦᠨ ᠪᠦᠯᠦᠭᠡ᠂ ᠬᠤᠵᠢᠮ ᠪᠠᠶᠢᠯᠳᠣᠭᠰᠠᠭᠠᠷ ᠣᠯᠠᠨ ᠠᠶᠢᠮᠠᠭ ᠤᠳ ᠢ | ᠲᠠᠭᠠᠭᠤᠯᠵᠦ᠂ ᠡᠨᠡ ᠬᠢᠷᠢ ᠳᠤ ᠨᠣᠶᠠᠳ᠂ ᠠᠷᠣᠯᠠᠳ᠂ ᠮᠠᠩᠭᠤᠳ - ᠲᠡᠭᠷᠢᠰ᠂ ᠣᠯᠭᠤᠨᠣᠳ ᠵᠡᠷᠭᠡ ᠶᠢᠨ | ᠮᠣᠩᠭᠤᠯ ᠢᠵᠠᠭᠤᠷ ᠤᠨ ᠣᠯᠠᠨ ᠠᠶᠢᠮᠠᠭ ᠤᠳ ᠪᠦᠬᠦᠳᠡ ᠶᠢ ᠡᠵᠡᠯᠡᠵᠦ ᠪᠣᠢ᠃ ᠣᠳᠣ ᠣᠨᠣᠨ ᠮᠦᠷᠡᠨ ᠤ ᠬᠦᠪᠡᠬᠦᠨ | ᠲᠡᠭᠡᠷ᠎ᠡ ᠮᠣᠷᠢᠨ ᠤ ᠬᠦᠬᠦᠯ ᠢᠶᠠᠷ ᠬᠢᠭᠰᠡᠨ ᠶᠢᠰᠦᠨ ᠬᠦᠯᠳᠣ ᠴᠠᠭᠠᠨ ᠰᠦᠯᠳᠡ ᠪᠠᠨ ᠬᠠᠳᠬᠤᠵᠦ ᠪᠦᠬᠦ ᠮᠣᠩᠭᠤᠯ ᠤᠨ | ᠠᠶᠢᠮᠠᠭ ᠤᠳ ᠢ ᠨᠢᠭᠡᠨ ᠭᠡᠷ ᠪᠣᠯᠭᠠᠰᠣᠭᠠᠢ ᠬᠡᠮᠡᠮᠦᠢ᠃ ᠮᠦᠨ ᠬᠦ ᠬᠡᠷᠡᠭ ᠢᠶᠠᠷ ᠣᠨᠣᠨ ᠮᠦᠷᠡᠨ ᠤ ᠬᠦᠪᠡᠬᠡᠨ ᠳᠤᠷ | ᠬᠢᠭᠰᠡᠨ ᠬᠤᠷᠠᠯ ᠳᠠᠭᠠᠨ ᠲᠡᠮᠦᠵᠢᠨ ᠦᠪᠡᠷ ᠢᠶᠠᠨ ᠵᠠᠯᠠᠷᠠᠵᠦ ᠢᠷᠡᠵᠦᠬᠦᠢ᠃ ᠬᠤᠷᠠᠯᠳᠣᠭᠠᠨ ᠳᠤᠷ ᠵᠠᠯᠠᠷᠠᠭᠰᠠᠨ ᠣᠴᠢᠷ | ᠂ ᠬᠤᠷᠠᠯᠳᠣᠭᠠᠨ ᠤ ᠬᠦᠮᠦᠨ ᠪᠦᠬᠦᠳᠡ ᠬᠦᠭᠴᠦ ᠪᠦᠬᠡ ᠶᠢ ᠦᠵᠡᠰᠦᠬᠡᠢ ᠬᠡᠮᠡᠭᠰᠡᠨ ᠤ ᠲᠣᠯᠨ ᠪᠣᠯᠠᠢ᠃ ᠡᠨᠡ ᠶᠡᠭᠡ | ᠪᠦᠬᠡ ᠶᠢᠨ ᠦᠬᠡ ᠶᠢ ᠪᠠᠭᠠᠳᠣᠷ ᠤᠳ ᠶᠡᠬᠡᠯ᠎ᠡ ᠣᠶᠢᠰᠢᠶᠠᠮᠦᠢ︾ ᠬᠡᠮᠡᠨ ᠦᠬᠦᠯᠡᠪᠡᠰᠦ ᠵᠠᠨ᠎ᠠ ᠬᠦᠪᠡᠬᠦᠨ ᠦᠪᠡᠷ ᠤᠨ | ᠪᠡᠶ᠎ᠡ ᠶᠢ ᠦᠷᠡᠴᠢᠯᠡᠭᠰᠡᠨ ᠡᠴᠢᠭᠡ ᠶᠢᠨ ᠨᠡᠷ᠎ᠡ ᠶᠢ ᠰᠣᠨᠣᠰᠣᠭᠠᠳ ᠵᠢᠷᠦᠬᠡᠨ ᠢᠨᠣ ᠶᠡᠬᠡᠳᠡ ᠬᠦᠳᠡᠯᠦᠮᠦᠢ᠂ ᠠᠯᠠᠭ ᠤᠨ | ᠦᠬᠡᠨ ᠳᠤᠷ ᠶᠡᠭᠡ ᠠᠷᠰᠢ ᠶᠢ ᠪᠦᠬᠦᠳᠡᠭᠡᠷ ᠬᠦᠨᠳᠦᠯᠡᠬᠦ ᠢᠨᠣ ᠪᠠᠭᠠᠳᠣᠷ ᠲᠡᠮᠦᠵᠢᠨ ᠠᠴᠠ ᠢᠯᠡᠬᠦᠦ ᠬᠡᠮᠡᠬᠦ ᠶᠢ ᠮᠡᠳᠡᠵᠦ | ᠂ ᠡᠨᠡ ᠵᠠᠨ᠎ᠠ ᠬᠦᠪᠡᠬᠦᠨ ᠠᠯᠠᠭ ᠲᠤᠷ ᠦᠬᠦᠯᠡᠷᠦᠨ᠄ ︽ᠶᠡᠭᠡ ᠬᠠᠭᠠᠨ ᠲᠡᠮᠦᠵᠢᠨ ᠬᠡᠮᠡᠭᠴᠢ ᠬᠦᠬᠡ ᠲᠡᠭᠷᠢ ᠶᠢᠨ | ᠲᠣᠣᠷ᠎ᠠ᠂ ᠬᠦᠷᠦᠰᠦᠲᠣ ᠠᠯᠳᠠᠨ ᠲᠡᠯᠡᠬᠡᠢ ᠶᠢᠨ ᠲᠡᠭᠡᠷᠡᠬᠢ ᠪᠠᠭᠠᠳᠣᠷ ᠤᠳ ᠤᠨ ᠲᠡᠷᠢᠬᠦᠨ ᠪᠣᠯᠣᠭᠰᠠᠨ ᠪᠠᠶᠢᠳᠠᠯ᠎ᠠ᠂ | ᠬᠦᠭᠴᠦ ᠪᠦᠬᠡ ᠶᠢ ᠶᠠᠭᠤᠨ ᠳᠤᠷ ᠲᠡᠬᠦᠨ ᠠᠴᠠ ᠢᠯᠡᠬᠦᠦ ᠬᠦᠨᠳᠦᠯᠡᠮᠦᠢ︾ ᠬᠡᠮᠡᠭᠰᠡᠨ ᠳᠤᠷ᠂ ᠠᠯᠠᠭ ᠬᠦᠪᠡᠬᠦᠨ | ᠶᠡᠬᠡᠯ᠎ᠡ ᠠᠶᠣᠭᠰᠠᠨ ᠪᠠᠶᠢᠳᠠᠯ ᠢᠶᠠᠷ ᠣᠷᠴᠢᠨ ᠲᠣᠭᠤᠷᠢᠨ ᠢ ᠡᠷᠭᠡᠴᠡᠭᠦᠯᠦᠨ ᠬᠠᠷᠠᠭᠠᠳ ᠰᠢᠪᠡᠨᠡᠵᠦ ᠦᠬᠦᠯᠡᠷᠦᠨ᠄ ︽ | ᠲᠡᠮᠦᠵᠢᠨ ᠬᠡᠳᠦᠢ ᠬᠦᠮᠦᠨ ᠲᠦᠷᠦᠯᠬᠢᠳᠠᠨ ᠤ ᠣᠬᠠᠭᠠᠨ ᠵᠣᠷᠢᠭ ᠢᠶᠠᠷ ᠢᠯᠡᠬᠦᠦ ᠪᠣᠯᠪᠠᠴᠣ ᠪᠠᠰᠠᠯᠠ ᠮᠦᠩᠬᠡ | ᠪᠣᠰᠣ ᠶᠢᠨ ᠬᠤᠪᠢᠷᠠᠯᠳᠣ ᠬᠦᠮᠦᠨ ᠠᠵᠣᠭᠤ᠂ ᠬᠦᠭᠴᠦ ᠪᠣᠯᠪᠠᠰᠣ ᠡᠩ ᠤᠨ ᠬᠦᠮᠦᠨ ᠪᠣᠰᠣ ᠪᠣᠯᠠᠢ︾ ᠬᠡᠮᠡᠬᠦᠢ ᠳᠤᠷ | ᠵᠠᠨ᠎ᠠ ᠠᠰᠠᠭᠤᠷᠠᠨ᠄ ︽ᠮᠢᠨᠣ ᠪᠡᠶ᠎ᠡ ᠶᠢ ᠲᠡᠵᠢᠬᠡᠭᠰᠡᠨ ᠡᠴᠢᠬᠡ ᠴᠢ ᠪᠢᠳᠠ ᠬᠤᠶᠠᠷ ᠯᠤᠭ᠎ᠠ ᠠᠳᠠᠯᠢ ᠬᠦᠮᠦᠨ ᠪᠣᠰᠣ | ᠪᠣᠶᠣ︾ ᠬᠡᠮᠡᠪᠡᠰᠦ ᠠᠯᠠᠭ ᠲᠠᠬᠢᠨ ᠠᠶᠣᠭᠰᠠᠨ ᠮᠡᠳᠣ ᠡᠷᠬᠢᠵᠦ ᠬᠠᠷᠠᠭᠠᠳ ᠦᠬᠦᠯᠡᠷᠦᠨ᠄ ︽ᠲᠣᠭᠤᠢ ᠲᠣᠭᠤᠢ᠂ | ᠶᠡᠭᠡ ᠠᠷᠰᠢ ᠶᠢ ᠴᠢᠩᠭ᠎ᠠ ᠲᠣᠷᠠᠳᠴᠦ ᠪᠣᠯᠬᠤ ᠦᠬᠡᠢ᠃ ᠲᠡᠷᠨ ᠬᠡᠳᠦᠢ ᠬᠦᠮᠦᠨ ᠤ ᠲᠦᠷᠢᠲᠠᠢ ᠪᠣᠯᠪᠠᠴᠣ ᠴᠣᠬᠤᠮ | ᠳᠠᠭᠠᠨ ᠬᠦᠮᠦᠨ ᠪᠣᠰᠣ᠂ ᠮᠠᠭᠠᠳ ᠲᠡᠭᠡᠳᠣ ᠲᠦᠷᠦᠯᠬᠢᠳᠠᠨ ᠪᠦᠬᠡᠳ ᠲᠡᠭᠷᠢ ᠪᠣᠶᠣ ᠬᠤᠪᠢᠯᠭᠠᠨ ᠪᠡᠶᠡᠳᠡᠨ ᠠᠮᠣᠢ᠃ | ᠲᠡᠬᠦᠨ ᠤ ᠬᠤᠭᠤᠯᠨ ᠢᠳᠡᠬᠦ᠂ ᠣᠮᠳᠠ ᠣᠣᠭᠤᠬᠤ ᠶᠢ ᠴᠢ ᠦᠵᠡᠭᠰᠡᠨ ᠤᠤ᠂ ᠮᠦᠰᠦᠲᠠᠢ ᠠᠭᠤᠯᠨ ᠴᠠᠰᠣᠳᠠᠢ ᠲᠠᠯ᠎ᠠ | ᠪᠠᠷ ᠬᠦᠯ ᠨᠢᠴᠦᠬᠦᠨ ᠠᠵᠢᠯ ᠦᠬᠡᠢ ᠶᠠᠪᠣᠬᠤ ᠶᠢ ᠴᠢ ᠦᠵᠡᠭᠰᠡᠨ ᠦᠬᠡᠢ ᠤᠤ᠂ ᠨᠢᠭᠡᠨ ᠴᠠᠭ ᠲᠤᠷ ᠠᠳᠡ ᠲᠡᠨᠳᠡ | ᠣᠯᠠᠨ ᠭᠠᠵᠠᠷ ᠦᠵᠡᠭᠳᠡᠳᠡᠭ ᠢᠨᠣ ᠦᠨᠡᠨ ᠪᠣᠰᠣ ᠤᠤ︖︾ ᠬᠡᠮᠡᠬᠦᠢ ᠳᠤᠷ᠂ ᠵᠠᠨ᠎ᠠ ᠲᠠᠭᠤᠨ ᠦᠬᠡᠢ | ᠰᠠᠭᠤᠵᠣᠬᠤᠢ᠃ ᠡᠶᠢᠨ ᠬᠦ ᠦᠬᠦᠯᠡᠯᠳᠦᠭᠰᠡᠭᠡᠷ ᠪᠠᠶᠢᠳᠠᠯ᠎ᠠ ᠦᠳᠡᠰᠢ ᠪᠣᠯᠵᠦ ᠰᠦᠨᠢ ᠢᠷᠡᠬᠦᠢ ᠯᠦᠭᠡ ᠠᠯᠠᠭ ᠬᠡᠨᠡᠳᠳᠡ | ᠶᠠᠭᠠᠷᠠᠨ ᠮᠠᠩᠳᠠᠨ ︽ᠣᠷᠣᠢ ᠪᠣᠯᠪᠠ᠂ ᠠᠪᠤ ᠨᠠᠳᠣᠷ ᠴᠢᠬᠤᠯᠳᠠᠮᠦᠢ᠂ ᠮᠠᠯ ᠬᠦᠳᠡᠭᠡ ᠪᠡᠯᠴᠢᠵᠦ ᠪᠣᠢ ᠲᠣᠯᠨ | ᠬᠠᠷᠠᠩᠭᠤᠢ ᠪᠠᠷ ᠬᠤᠷᠢᠶᠠᠵᠦ ᠬᠡᠷ ᠲᠡᠭᠡᠨ ᠠᠪᠠᠴᠢᠬᠤᠢ ᠳᠤᠷ ᠠᠮᠣᠷ ᠦᠬᠡᠢ ᠪᠣᠯᠣᠮᠦᠢ︾ ᠬᠡᠮᠡᠪᠡᠰᠦ ᠵᠠᠨ᠎ᠠ | ᠦᠬᠦᠯᠡᠷᠦᠨ᠄ ︽ᠪᠢ ᠴᠢᠮᠠᠳᠣᠷ ᠲᠣᠰᠠᠯᠠᠶ᠎ᠠ᠂ ᠴᠢ ᠰᠢᠯᠪᠢᠬᠦᠷ ᠲᠠᠢ ᠲᠣᠯᠨ ᠣᠨᠠᠭ᠎ᠠ ᠲᠠᠭ᠎ᠠ ᠪᠠᠨ ᠴᠣᠭᠯᠠᠭᠤᠯ᠂ ᠪᠢ | ᠪᠣᠰᠣᠳ ᠢ ᠬᠤᠷᠢᠶᠠᠰᠦᠭᠠᠢ︾ ᠬᠡᠮᠡᠯᠳᠦᠵᠦ ᠬᠤᠶᠠᠭᠤᠯᠨ ᠠᠳᠣᠭᠤᠨ ᠤ ᠲᠡᠷᠭᠡᠳᠡ ᠨᠢᠰᠬᠦ ᠮᠡᠳᠣ ᠲᠠᠪᠬᠢᠯᠳᠣᠨ | ᠬᠦᠷᠦᠭᠡᠳ ᠢᠰᠭᠡᠷᠦᠯᠳᠦᠨ ᠠᠳᠣᠭᠤ ᠪᠠᠨ ᠬᠤᠷᠢᠶᠠᠨ ᠴᠣᠭᠯᠠᠭᠤᠯᠣᠭᠠᠳ ᠠᠯᠠᠭ ᠤᠨ ᠬᠡᠷ ᠦᠬᠡᠳᠡ ᠲᠠᠭᠤᠵᠦ | ᠮᠣᠷᠢᠨ ᠤ ᠠᠮᠨ ᠮᠡᠳᠡᠨ ᠲᠠᠪᠬᠢᠯᠳᠣᠭᠰᠠᠭᠠᠷ ᠬᠦᠷᠦᠭᠡᠳ ᠪᠦᠷᠢᠳᠬᠡᠨ ᠲᠣᠭᠠᠯᠠᠵᠦ ᠬᠤᠷᠣᠭᠠᠨ ᠳᠤᠷ ᠠᠨᠣ ᠬᠤᠷᠢᠭᠠᠳ | ᠰᠢᠯᠪᠢᠭᠦᠷ ᠪᠣᠭᠤᠯᠢ ᠨᠤᠭᠤᠳ ᠢᠶᠠᠨ ᠡᠬᠦᠳᠡᠨ ᠳᠤᠷ ᠲᠠᠯᠪᠢᠨ ᠠᠯᠠᠭ ᠤᠨ ᠡᠴᠢᠭᠡ ᠪᠠᠶᠢᠰᠣᠩᠭᠤᠷ ᠤᠨ ᠭᠡᠷ ᠲᠤᠷ | ᠣᠷᠣᠪᠠᠢ᠃ ᠲᠠᠷᠠᠭ᠎ᠠ ᠶᠠᠭᠤ ᠪᠣᠯᠬᠤ ᠶᠢ ᠬᠤᠶᠢᠳᠣ ᠪᠦᠯᠦᠭ ᠲᠤᠷ ᠦᠵᠡᠲᠦᠭᠡᠢ᠃ |