| | ᠴᠠᠭᠠᠨ ᠰᠦᠷᠦᠭ ᠤᠨ ᠲᠠᠶᠢᠯᠭ᠎ᠠ ᠪᠣᠯ ᠴᠢᠩᠭᠢᠰ ᠬᠠᠭᠠᠨ ᠤ ᠲᠦᠷᠪᠡᠨ ᠴᠠᠭ ᠤᠨ ᠲᠠᠶᠢᠯᠭ᠎ᠠ ᠳᠠᠬᠢ ᠬᠠᠮᠤᠭ ᠤᠨ | ᠦᠪᠡᠳᠡᠭᠰᠢ ᠶᠡᠭᠡ ᠲᠠᠶᠢᠯᠭ᠎ᠠ ᠪᠣᠯᠣᠨ᠎ᠠ᠃ ᠲᠣᠰ ᠲᠠᠶᠢᠯᠭ᠎ᠠ ᠶᠢᠨ ᠢᠷᠡᠯᠳᠡ ᠶᠢᠨ ᠲᠣᠬᠠᠢ ᠶᠡᠭᠡ ᠶᠣᠸᠠᠨ ᠣᠯᠣᠰ ᠤᠨ | ᠦᠶ᠎ᠡ ᠳᠤ ᠵᠣᠬᠢᠶᠠᠭᠳᠠᠭᠰᠠᠨ ︽ᠠᠷᠪᠠᠨ ᠪᠣᠶᠠᠨᠳᠣ ᠨᠣᠮ ᠤᠨ ᠴᠠᠭᠠᠨ ᠲᠡᠣᠬᠡ︾ ᠳᠤ ︽ᠲᠣᠬᠠᠢ ᠶᠢᠨ ᠵᠢᠯ ᠴᠢᠩᠭᠢᠰ | ᠬᠠᠭᠠᠨ ᠬᠡᠷᠦᠯᠦᠨ ᠮᠦᠷᠡᠨ ᠤ ᠬᠦᠪᠡᠬᠡᠨ ᠳᠤ ᠪᠣᠮᠠᠨ ᠰᠦᠷᠦᠭ ᠤᠨ ᠪᠠᠳᠣ ᠵᠡᠯ᠎ᠡ ᠪᠠᠨ ᠲᠠᠳᠠᠵᠦ᠂ ᠶᠡᠷᠨ ᠶᠢᠰᠦᠨ | ᠴᠠᠭᠠᠭᠴᠢᠨ ᠬᠡᠬᠦᠳ ᠤᠨ ᠰᠦᠨ ᠢᠶᠠᠷ ᠲᠡᠭᠡᠳᠣ ᠶᠡᠷᠨ ᠶᠢᠰᠦᠨ ᠲᠡᠭᠷᠢ ᠳᠤ ᠰᠠᠴᠣᠯᠢ ᠡᠷᠭᠦᠭᠰᠡᠨ︾ ᠬᠡᠮᠡᠨ | ᠲᠡᠮᠳᠡᠭᠯᠡᠵᠡᠢ᠃ ︽ᠪᠣᠯᠣᠷ ᠡᠷᠢᠬᠡ︾ ᠳᠤ ︽ᠴᠢᠩᠭᠢᠰ ᠬᠠᠭᠠᠨ ᠲᠠᠪᠢᠨ ᠨᠠᠰᠣᠨ ᠤ ᠬᠤᠳᠤᠭ ᠤᠨ ᠬᠤᠨᠢᠨ ᠵᠢᠯ | ᠬᠡᠷᠦᠯᠦᠨ ᠮᠦᠷᠡᠨ ᠤ ᠬᠦᠪᠡᠭᠡᠨ ᠳᠤ ᠨᠣᠳᠣᠭᠯᠠᠨ ᠪᠦᠬᠦᠢ ᠳᠤ ᠡᠷᠳᠡᠨᠢ ᠮᠣᠷᠢᠨ ᠤ ᠰᠢᠮ᠎ᠠ ᠰᠦᠨ ᠤ ᠲᠡᠭᠡᠵᠢ ᠶᠢ | ᠡᠷᠭᠡᠳᠣ ᠪᠣᠷᠬᠠᠨ ᠲᠡᠭᠷᠢ ᠳᠤ ᠵᠠᠯᠪᠠᠷᠢᠨ ᠡᠷᠭᠦᠭᠡᠳ ᠡᠬᠦᠨᠴᠡ ᠰᠠᠶᠢᠳᠣᠷ ᠲᠣᠭᠳᠠᠭᠠᠵᠦ ᠪᠦᠷᠢᠨ ᠡᠨᠡᠬᠦ ᠮᠣᠩᠭᠤᠯ ᠣᠯᠣᠰ | ᠲᠤᠷ ᠬᠠᠣᠯᠢ ᠪᠣᠯᠭᠠᠶ᠎ᠠ ᠬᠡᠮᠡᠨ ᠵᠠᠷᠯᠢᠭ ᠪᠣᠯᠣᠭᠠᠳ︾ ᠬᠡᠵᠡᠢ᠃ ᠴᠠᠭᠠᠨ ᠰᠦᠷᠦᠭ ᠤᠨ ᠲᠠᠶᠢᠯᠭ᠎ᠠ ᠨᠢ ᠪᠦᠬᠡ ᠶᠢᠨ | ᠶᠣᠰᠣᠭᠠᠷ ᠲᠡᠭᠷᠢ ᠲᠠᠬᠢᠬᠤ ︵ᠰᠠᠴᠣᠯᠭᠠ ᠡᠷᠭᠦᠭᠦ︶᠂ ᠶᠡᠬᠡᠰ ᠲᠡᠭᠡᠳᠣᠰ ᠢᠶᠠᠨ ᠲᠠᠶᠢᠵᠦ ᠲᠠᠬᠢᠬᠤ ᠪᠠᠷ ᠭᠤᠣᠯ | ᠠᠭᠤᠯᠭ᠎ᠠ ᠪᠠᠨ ᠪᠣᠯᠭᠠᠵᠦ᠂ ᠬᠦᠮᠦᠨ ᠮᠠᠯ ᠠᠮᠣᠷ ᠠᠮᠣᠭᠤᠯᠠᠩ᠂ ᠲᠡᠯᠡᠬᠡᠢ ᠶᠢᠷᠲᠢᠨᠴᠣ ᠡᠩᠬᠡ ᠲᠠᠶᠢᠪᠣᠩ ᠪᠠᠶᠢᠬᠤ ᠶᠢ | ᠪᠡᠯᠭᠡᠳᠡᠵᠦ ᠪᠠᠶᠢᠳᠠᠭ᠃ ᠴᠢᠩᠭᠢᠰ ᠬᠠᠭᠠᠨ ᠤ ᠴᠠᠭᠠᠨ ᠰᠦᠷᠦᠭ ᠤᠨ ᠲᠠᠶᠢᠯᠭ᠎ᠠ ᠨᠢ ᠣᠷᠳᠣᠰ ᠲᠣᠭᠠᠯᠠᠯ ᠤᠨ | ᠵᠢᠷᠭᠤᠭᠠᠨ ᠰᠠᠷ᠎ᠠ ᠶᠢᠨ ᠠᠷᠪᠠᠨ ᠲᠣᠯᠣᠭᠠᠨ ᠠᠴᠠ ᠬᠤᠷᠢᠨ ᠲᠦᠷᠪᠡᠨ ᠬᠦᠷᠳᠡᠯ᠎ᠡ ᠪᠦᠬᠦᠯᠢ 8 ᠡᠳᠦᠷ ᠶᠠᠪᠣᠭᠳᠠᠳᠠᠭ᠃ | ᠠᠷᠪᠠᠨ ᠲᠣᠯᠣᠭᠠᠨ ᠳᠤ ᠨᠠᠢᠮᠠᠨ ᠴᠠᠭᠠᠨ ᠣᠷᠳᠣ ᠴᠣᠭᠯᠠᠷᠠᠬᠤ ᠲᠠᠶᠢᠯᠭ᠎ᠠ᠂ ᠠᠷᠪᠠᠨ ᠨᠠᠢᠮᠠᠨ ᠳᠤ ᠨᠠᠢᠮᠠᠨ ᠴᠠᠭᠠᠨ | ᠣᠷᠳᠣ ᠵᠢᠬᠢᠯᠡᠬᠦ ᠲᠠᠶᠢᠯᠭ᠎ᠠ᠂ ᠠᠷᠪᠠ ᠶᠢᠰᠦᠨ ᠳᠤ ᠰᠦᠰᠦᠭ ᠤᠨ ᠲᠠᠶᠢᠯᠭ᠎ᠠ᠂ ᠬᠤᠷᠢᠨ ᠳᠤ ᠭᠠᠷᠢᠯᠢ ᠶᠢᠨ ᠲᠠᠶᠢᠯᠭ᠎ᠠ᠂ | ᠬᠤᠷᠢᠨ ᠨᠢᠭᠡᠨ ᠳᠤ ᠴᠠᠭᠠᠨ ᠰᠦᠷᠦᠭ ᠤᠨ ᠡᠰᠦᠭ ᠤᠨ ᠲᠠᠶᠢᠯᠭ᠎ᠠ᠂ ᠬᠤᠷᠢᠨ ᠬᠤᠶᠠᠷ ᠲᠤ ᠰᠦᠰᠦᠭ ᠤᠨ ᠲᠠᠶᠢᠯᠭ᠎ᠠ | ᠂ ᠬᠤᠷᠢᠨ ᠭᠤᠷᠪᠠᠨ ᠳᠤ ᠰᠢᠷ᠎ᠠ ᠬᠠᠰᠠᠭ ᠤᠨ ᠲᠠᠶᠢᠯᠭ᠎ᠠ᠂ ᠬᠤᠷᠢᠨ ᠲᠦᠷᠪᠡᠨ ᠳᠤ ᠨᠠᠢᠮᠠᠨ ᠴᠠᠭᠠᠨ ᠣᠷᠳᠣ | ᠦᠬᠡᠳᠡᠯᠡᠬᠦ ᠲᠠᠶᠢᠯᠭ᠎ᠠ ᠬᠡᠮᠡᠨ ᠲᠣᠰ ᠲᠣᠰ ᠶᠠᠪᠣᠭᠳᠠᠵᠦ᠂ ᠡᠬᠦᠨ ᠳᠤ ᠬᠤᠷᠢᠨ ᠨᠢᠭᠡᠨ ᠪᠣᠯ ᠣᠶᠢᠯᠡᠳᠬᠦ ᠲᠠᠶᠢᠯᠭ᠎ᠠ | ᠲᠠᠬᠢᠯᠭ᠎ᠠ ᠬᠠᠮᠤᠭ ᠠᠷᠪᠢᠨ᠂ ᠬᠤᠯᠨ ᠣᠶᠢᠷ᠎ᠠ ᠶᠢᠨ ᠮᠦᠷᠭᠦᠯᠴᠢᠳ ᠬᠠᠮᠤᠭ ᠠᠴᠠ ᠠᠷᠪᠢᠨ ᠴᠣᠭᠯᠠᠷᠠᠳᠠᠭ ᠡᠳᠦᠷ | ᠪᠣᠯᠣᠨ᠎ᠠ᠃ ᠡᠨᠡ ᠵᠢᠯ ᠤᠨ ᠴᠠᠭᠠᠨ ᠰᠦᠷᠦᠭ ᠤᠨ ᠲᠠᠶᠢᠯᠭ᠎ᠠ ᠤᠨ ᠡᠰᠦᠭ ᠤᠨ ᠲᠠᠶᠢᠯᠭ᠎ᠠ ᠶᠢ ᠠᠷᠭ᠎ᠠ ᠶᠢᠨ | ᠣᠯᠠᠷᠢᠯ ᠤᠨ 2013 ᠣᠨ ᠤ 4 ᠳ᠋ᠣᠭᠡᠷ ᠰᠠᠷ᠎ᠠ ᠶᠢᠨ 30 ᠤ ᠡᠳᠦᠷ᠂ ᠣᠷᠳᠣᠰ ᠲᠣᠭᠠᠯᠠᠯ ᠤᠨ ᠵᠢᠷᠭᠤᠭᠠᠨ | ᠰᠠᠷ᠎ᠠ ᠶᠢᠨ ᠬᠤᠷᠢᠨ ᠨᠢᠭᠡᠨ ︵ᠪᠢᠯᠢᠭ ᠤᠨ ᠣᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ︶ ᠤ ᠡᠳᠦᠷ ᠴᠢᠩᠭᠢᠰ | ᠬᠠᠭᠠᠨ ᠤ ᠣᠩᠭᠤᠨ ᠳᠤ ᠶᠠᠪᠣᠭᠳᠠᠭᠤᠯᠣᠨ᠎ᠠ᠃ | | |