ᠵᠦᠢᠷ ᠰᠡᠴᠡᠨ ᠦᠭᠡᠰ
ᠨᠡᠶᠢᠲᠡᠯᠡᠭᠰᠡᠨ ᠴᠠᠭ᠄
2019/11/8
ᠠᠪᠤ ᠶᠢᠨ ᠬᠦᠦ ᠠᠳᠠᠯᠢ ᠦᠭᠡᠢ ᠠᠷᠪᠠᠨ ᠬᠤᠷᠤᠭᠤ ᠲᠡᠭᠰᠢ ᠦᠭᠡᠢ ᠠᠪᠤ ᠶᠢᠨ ᠦᠭᠡᠢ ᠳᠤ ᠠᠬ᠎ᠠ ᠡᠵᠢ ᠶᠢᠨ ᠦᠭᠡᠢ ᠳᠤ ᠡᠭᠡᠴᠢ ᠠᠪᠤ ᠶᠢᠨ ᠪᠣᠢ ᠳᠤ ᠬᠥᠮᠥᠨ ᠲᠠᠨᠢᠵᠤ ᠠᠭᠲᠠ ᠶᠢᠨ ᠪᠣᠢ ᠳᠤ ᠭᠠᠵᠠᠷ ᠦᠵᠡᠬᠦ ᠠᠪᠤ ᠶᠢᠨ ᠬᠦᠦ ᠠᠯᠳᠠᠬᠤ ᠴᠠᠭ ᠲᠠᠢ ᠣᠯᠬᠤ ᠴᠠᠭ ᠲᠠᠢ ᠠᠷᠤ ᠶᠢᠨ ᠮᠣᠳᠣ ᠤᠷᠭᠤᠬᠤ ᠴᠠᠭ ᠲᠠᠢ ᠦᠵᠢᠷᠡᠬᠦ ᠴᠠᠭ ᠲᠠᠢ ᠠᠪᠤ ᠶᠢᠨ ᠬᠦᠦ ᠠᠭᠠᠯᠢ ᠲᠠᠢ ᠨᠢ ᠰᠠᠶᠢᠬᠠᠨ ᠠᠭᠲᠠ ᠮᠣᠷᠢ ᠡᠮᠡᠭᠡᠯ ᠲᠠᠢ ᠨᠢ ᠰᠠᠶᠢᠬᠠᠨ ᠠᠪᠤ ᠶᠢᠨ ᠬᠦᠦ ᠠᠯᠠᠭ ᠲᠠᠢ ᠴᠣᠬᠤᠷ ᠲᠠᠢ ᠠᠷᠤ ᠶᠢᠨ ᠮᠣᠳᠣ ᠥᠨᠳᠥᠷ ᠲᠠᠢ ᠪᠣᠭᠤᠨᠢ ᠲᠠᠢ ᠠᠪᠤ ᠶᠢᠨ ᠬᠦᠦ ᠶᠢᠨ ᠡᠷᠢᠶᠡᠨ ᠨᠢ ᠳᠣᠲᠣᠷ᠎ᠠ ᠪᠠᠨ ᠠᠳᠤᠭᠤ ᠮᠠᠯ ᠤᠨ ᠴᠣᠬᠤᠷ ᠨᠢ ᠭᠠᠳᠠᠨ᠎ᠠ ᠪᠠᠨ ᠠᠪᠤ ᠪᠠᠨ ᠰᠠᠨᠠᠪᠠᠯ ᠠᠪᠠᠭ᠎ᠠ ᠪᠠᠨ ᠪᠣᠳᠣ ᠡᠵᠢ ᠪᠠᠨ ᠰᠠᠨᠠᠪᠠᠯ ᠨᠠᠭᠠᠴᠤ ᠪᠠᠨ ᠪᠣᠳᠣ ᠠᠪᠤ ᠬᠥᠮᠥᠨ ᠬᠦᠨᠳᠦ ᠲᠠᠢ ᠠᠷᠤ ᠶᠢᠨ ᠮᠣᠳᠣ ᠰᠡᠭᠦᠳᠡᠷ ᠲᠠᠢ ᠠᠪᠤ ᠬᠥᠮᠥᠨ ᠠᠴᠢ ᠲᠠᠢ ᠠᠷᠠᠰᠤᠨ ᠳᠡᠪᠡᠯ ᠳᠤᠯᠠᠭᠠᠨ ᠲᠠᠢ ᠠᠪᠤ ᠶᠢᠨ ᠲᠥᠷᠥᠯ ᠠᠪᠠᠭ᠎ᠠ ᠣᠶᠢᠷ᠎ᠠ ᠡᠵᠢ ᠶᠢᠨ ᠲᠥᠷᠥᠯ ᠨᠠᠭᠠᠴᠤ ᠣᠶᠢᠷ᠎ᠠ ᠠᠪᠤ ᠶᠢᠨ ᠬᠠᠶᠢᠷ᠎ᠠ ᠶᠢ ᠬᠦᠦ ᠮᠡᠳᠡᠬᠦ ᠦᠭᠡᠢ ᠠᠬ᠎ᠠ ᠶᠢᠨ ᠬᠠᠶᠢᠷ᠎ᠠ ᠶᠢ ᠳᠡᠭᠦᠦ ᠮᠡᠳᠡᠬᠦ ᠦᠭᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号