ᠮᠤᠩᠭᠤᠯ ᠱᠦᠯᠦᠨ ᠤᠮᠳᠠᠭᠠᠨ
ᠨᠡᠶᠢᠲᠡᠯᠡᠭᠰᠡᠨ ᠴᠠᠭ᠄
2019/11/8
ᠮᠢᠬ᠎ᠠ ᠴᠢᠨᠠᠵᠤ ᠪᠤᠴᠠᠯᠭᠠᠭᠰᠠᠨ ᠤᠮᠳᠠᠭᠠᠨ ᠢ ᠱᠦᠯᠦ ᠬᠡᠨ᠎ᠡ᠃ ᠮᠤᠩᠭᠤᠯᠴᠤᠳ ᠱᠦᠯᠦ ᠶᠢ ᠮᠢᠬᠠᠨ ᠠᠴᠠ ᠡᠷᠬᠢᠮ  ᠳᠤ ᠦᠵᠡᠳᠡᠭ ᠶᠤᠰᠤ ᠲᠠᠢ᠃ ᠱᠦᠯᠦᠨ ᠤ ᠰᠢᠮ᠎ᠡ ᠲᠡᠵᠢᠬᠡᠯ ᠪᠠ ᠣᠶᠢᠯᠡᠳᠦᠯ ᠨᠢ ᠮᠢᠬ᠎ᠠ ᠠᠴᠠ ᠴᠦ ᠢᠯᠡᠬᠦᠦ ᠪᠠᠶᠢᠳᠠᠭ᠃ ᠡᠶᠢᠮᠤ ᠠᠴᠠ ᠱᠦᠯᠦ ᠪᠤᠯ ᠮᠠᠯᠴᠢᠨ ᠮᠤᠩᠭᠤᠯᠴᠤᠳ ᠤᠨ ᠡᠳᠦᠷ ᠲᠤᠳᠤᠮ ᠤᠨ ᠠᠮᠢᠳᠤᠷᠠᠯ ᠳᠤ ᠤᠮᠳᠠᠭᠠᠨ ᠲᠡᠳᠦᠢ ᠪᠠᠷ ᠪᠠᠷᠠᠬᠤ ᠦᠭᠡᠢ ᠦᠯ ᠬᠤᠭᠤᠯᠠ ᠮᠦᠷᠳᠡᠬᠡᠨ ᠲᠠᠮᠢᠷ ᠲᠡᠵᠢᠬᠡᠬᠦ ᠡᠮ ᠪᠤᠯᠳᠠᠭ ᠶᠤᠮ᠃ ᠮᠤᠩᠭᠤᠯᠴᠤᠳ ᠱᠦᠯᠦ ᠶᠢ ᠬᠤᠭᠤᠯᠠ ᠶᠢᠨ ᠴᠢᠬᠤᠯᠠ ᠬᠡᠰᠡᠭ ᠢᠶᠠᠷ ᠦᠵᠡᠳᠡᠭ᠃ ᠮᠤᠩᠭᠤᠯ ᠬᠡᠯᠡᠨ ᠳᠤ ︽ᠱᠦᠯᠦ ᠬᠤᠭᠤᠯᠠ︾ ᠬᠡᠰᠡᠨ ᠬᠤᠷᠰᠢᠶ᠎ᠠ ᠦᠬᠡ ᠪᠠᠶᠢᠳᠠᠭ᠃ ᠤᠴᠢᠷ ᠨᠢ ᠮᠤᠩᠭᠤᠯ ᠬᠤᠭᠤᠯᠠ ᠶᠢᠨ ᠵᠤᠩᠭᠢᠯᠠᠬᠤ ᠨᠢ ᠴᠦᠮ ᠱᠦᠯᠦ ᠲᠠᠢ ᠬᠤᠭᠤᠯᠠ ᠶᠤᠮ᠃ ᠭᠤᠯᠢᠷ ᠲᠠᠢ ᠱᠦᠯᠦ᠂ ᠨᠠᠷᠢᠮᠤ ︵ᠲᠤᠳᠤᠷᠭ᠎ᠠ︶ ᠲᠠᠢ ᠱᠦᠯᠦ ᠪᠤᠯ ᠭᠤᠤᠯ ᠬᠤᠭᠤᠯᠠᠨ ᠳᠤ ᠲᠤᠭᠠᠴᠠᠭᠳᠠᠨ᠎ᠠ᠃ ᠡᠬᠦᠨ ᠠᠴᠠ ᠭᠠᠳᠠᠨ᠎ᠠ ᠪᠠᠩᠰᠢ᠂ ᠪᠤᠤᠽᠢ᠂ ᠲᠤᠳᠤᠷᠭ᠎ᠠ ᠁ ᠢᠳᠡᠬᠦ ᠳᠤ  ᠪᠠᠨ ᠴᠦ ᠱᠦᠯᠦ ᠲᠠᠢ ᠢᠳᠡᠬᠦ ᠶᠢ ᠡᠷᠬᠢᠮᠨᠡᠨ᠎ᠡ᠃ ᠱᠦᠯᠦ ᠪᠠᠶᠢᠮᠠᠨᠵᠢᠨ ᠰᠠᠶ᠋ᠢ ᠵᠢᠩᠭᠢᠨᠢ ᠬᠤᠭᠤᠯᠠ ᠪᠤᠯᠵᠤ ᠴᠢᠳᠠᠨ᠎ᠠ᠃ ᠡᠰᠡᠪᠡᠯ ᠵᠦᠪᠬᠡᠨ ︽ᠬᠠᠭᠤᠷᠠᠢ ᠬᠦᠨᠡᠰᠣ︾ ᠳᠤ ᠲᠤᠭᠠᠴᠠᠭᠳᠠᠨ᠎ᠠ᠃ ᠱᠦᠯᠦ ᠬᠡᠳᠡᠭ ᠮᠤᠩᠭᠤᠯ ᠦᠬᠡ ᠪᠤᠯ ᠰᠢᠮ᠎ᠡ ᠰᠢᠬᠦᠰᠣ᠂ ᠤᠬᠢ ᠬᠠᠨᠳᠠ ᠬᠡᠰᠡᠭ ᠤᠳᠬ᠎ᠠ ᠲᠠᠢ ᠦᠬᠡ ᠶᠤᠮ᠃ ᠰᠠᠶᠢᠨ ᠮᠢᠬ᠎ᠠ᠂ ᠪᠦᠬᠦᠯᠢ ᠮᠢᠬ᠎ᠠ ᠪᠤᠯ ᠱᠦᠯᠦ ᠰᠠᠶᠢᠳᠠᠢ᠂ ᠵᠤᠪᠠᠯᠭ᠎ᠠ ᠳᠤ ᠱᠦᠯᠦ ᠪᠠᠶᠢᠳᠠᠭ ᠦᠭᠡᠢ᠃ ᠡᠶᠢᠮᠤ ᠠᠴᠠ ᠮᠤᠩᠭᠤᠯᠴᠤᠳ ᠤᠬᠠᠭ᠎ᠠ ᠲᠤᠮᠤᠭ᠎ᠠ ᠮᠠᠭᠤᠳᠠᠢ ᠬᠦᠮᠦᠨ ᠢ ᠶᠡᠷᠣ ︽ᠦᠳᠡᠯᠳᠡᠯ᠎ᠡ ᠪᠠᠨ ᠤᠬᠠᠭᠠᠨ ᠦᠭᠡᠢ᠂ ᠪᠤᠴᠠᠯᠳᠠᠯ᠎ᠠ ᠪᠠᠨ ᠱᠦᠯᠦ ᠦᠭᠡᠢ︾ ᠬᠡᠵᠤ ᠬᠡᠯᠡᠳᠡᠭ᠃ ᠮᠤᠩᠭᠤᠯᠴᠤᠳ ᠮᠠᠯ ᠭᠠᠷᠭᠠᠵᠤ ᠢᠳᠡᠬᠦ ᠶᠢ ︽ᠱᠦᠯᠦ ᠤᠤᠭᠤᠬᠤ︾ ᠬᠡᠵᠤ ᠨᠡᠷᠡᠯᠡᠳᠡᠭ ᠶᠤᠰᠤ ᠲᠠᠢ᠃ ᠲᠠᠪᠤᠨ ᠬᠤᠰᠢᠭᠤ ᠮᠠᠯ ᠤᠨ ᠲᠤᠳᠤᠷ᠎ᠠ ᠠᠴᠠ ᠬᠤᠨᠢᠨ ᠱᠦᠯᠦ ᠶᠢ ᠮᠤᠩᠭᠤᠯᠴᠤᠳ ᠡᠷᠬᠢᠮ ᠳᠤ ᠦᠵᠡᠳᠡᠭ᠃ ᠠᠷᠠᠢ ᠢᠳᠡᠬᠦ ᠬᠤᠭᠤᠯᠠ᠂ ᠡᠮᠦᠰᠬᠦ ᠬᠤᠪᠴᠠᠰᠤ ᠲᠠᠢ ᠠᠮᠢᠳᠤᠷᠠᠵᠤ ᠪᠠᠶᠢᠭ᠎ᠠ ᠠᠶᠢᠯ ᠢ ᠮᠤᠩᠭᠤᠯᠴᠤᠳ ︽ᠱᠦᠯᠦᠨ ᠤ ᠬᠤᠨᠢ ᠲᠠᠢ᠂ ᠴᠢᠳᠦᠷ ᠤᠨ ᠮᠤᠷᠢ ᠲᠠᠢ︾ ᠯᠡ ᠠᠶᠢᠯ ᠬᠡᠵᠤ ᠬᠡᠯᠡᠳᠡᠭ ᠪᠠᠶᠢᠨ᠎ᠠ᠃ ᠦᠬᠡᠷ᠎ᠡ ᠪᠠᠷ ᠬᠡᠯᠡᠪᠡᠯ᠂ ᠠᠶᠢᠯ  ᠤᠨ ᠬᠤᠭᠤᠯᠠ ᠬᠦᠨᠡᠰᠣ ᠶᠢ ︽ᠱᠦᠯᠦ︾ ᠪᠤᠶᠤ ᠱᠦᠯᠦ ᠭᠠᠷᠭᠠᠬᠤ ᠨᠦᠬᠡᠴᠡ ᠪᠠᠷ ᠨᠢ ᠬᠡᠮᠵᠢᠶᠡᠯᠡᠳᠡᠭ ᠪᠠᠶᠢᠨ᠎ᠠ᠃ ᠮᠤᠩᠭᠤᠯᠴᠤᠳ ᠱᠦᠯᠦ ᠶᠢ ᠪᠠᠰᠠ ᠶᠡᠭᠡ ᠨᠠᠷᠢᠨ ᠬᠤᠪᠢᠶᠠᠵᠤ ᠡᠳ᠋ᠯᠡᠳᠡᠭ᠃ ᠬᠤᠨᠢᠨ ᠱᠦᠯᠦ᠂ ᠦᠬᠡᠷ ᠤᠨ ᠱᠦᠯᠦ᠂ ᠢᠮᠠᠭᠠᠨ ᠱᠦᠯᠦ ᠬᠡᠵᠤ ᠮᠠᠯ ᠤᠨ ᠲᠦᠷᠦᠯ ᠢᠶᠠᠷ ᠬᠤᠪᠢᠶᠠᠳᠠᠭ᠃ ᠡᠬᠦᠨ ᠳᠤ ᠬᠤᠨᠢᠨ ᠱᠦᠯᠦ ᠨᠢ ᠬᠠᠮᠤᠭ ᠭᠤᠤᠯ ᠴᠢᠬᠤᠯᠠ ᠪᠠᠶᠢᠷᠢ ᠶᠢ ᠡᠵᠡᠯᠡᠳᠡᠭ᠃ ᠬᠤᠨᠢᠨ ᠱᠦᠯᠦ ᠶᠢᠨ ᠲᠤᠳᠤᠷ᠎ᠠ ᠪᠠᠰᠠ ᠤᠯᠠᠨ ᠢᠯᠭᠠᠯ ᠪᠤᠢ᠃ ᠢᠷᠬᠡ ᠶᠢᠨ ᠱᠦᠯᠦ᠂ ᠰᠢᠳᠦᠯᠡᠩ ᠬᠤᠨᠢᠨ ᠤ ᠱᠦᠯᠦ᠂ ᠡᠮ᠎ᠡ ᠬᠤᠨᠢᠨ ᠤ ᠱᠦᠯᠦ᠂ ᠰᠣᠪᠠᠢ ᠱᠦᠯᠦ᠂ ᠬᠤᠷᠠᠭᠠᠨ ᠱᠦᠯᠦ ᠬᠡᠵᠤ ᠬᠤᠨᠢᠨ ᠤ ᠨᠠᠰᠤ ᠬᠦᠢᠰᠣ ᠪᠠᠷ  ᠨᠢ ᠢᠯᠭᠠᠨ᠎ᠠ᠃ ᠬᠤᠨᠢᠨ ᠤ ᠠᠳᠠᠯᠢ ᠪᠤᠰᠤ ᠬᠡᠰᠡᠭ ᠤᠨ ᠮᠢᠬ᠎ᠠ ᠶᠢ ᠠᠳᠠᠯᠢ ᠪᠤᠰᠤ ᠠᠷᠭ᠎ᠠ ᠪᠠᠷ ᠴᠢᠨᠠᠭᠰᠠᠨ ᠱᠦᠯᠦ ᠶᠢᠨ ᠦᠨᠦᠷ ᠠᠮᠳᠠ᠂ ᠬᠦᠴᠦ ᠣᠶᠢᠯᠡᠳᠦᠯ ᠨᠢ ᠴᠦ ᠠᠳᠠᠯᠢ ᠦᠭᠡᠢ ᠶᠤᠮ᠃ ᠡᠬᠦᠨ ᠳᠤ ᠬᠠᠷ᠎ᠠ ᠱᠦᠯᠦ᠂ ᠪᠢᠳᠡᠬᠦᠦ ᠱᠦᠯᠦ᠂ ᠬᠤᠷᠬᠤᠭ ᠱᠦᠯᠦ᠂ ᠬᠤᠷᠬᠤᠭ ᠱᠦᠯᠦ᠂ ᠤᠯᠤᠭᠠᠢ ᠶᠢᠨ ᠱᠦᠯᠦ᠂ ᠮᠤᠬᠤᠷ ᠤᠯᠤᠭᠠᠢ ᠶᠢᠨ ᠱᠦᠯᠦ᠂ ᠬᠠᠯᠠᠭᠤᠨ ᠲᠤᠭᠤᠭ᠎ᠠ ᠶᠢᠨ ᠱᠦᠯᠦ ᠵᠡᠷᠬᠡ ᠪᠠᠭᠳᠠᠨ᠎ᠠ᠂ ᠡᠳᠡᠬᠡᠷ ᠱᠦᠯᠦ ᠪᠤᠯ ᠬᠤᠨᠢᠨ ᠤ ᠠᠯᠢ ᠨᠢᠬᠡᠨ ᠡᠷᠬᠡᠳᠡᠨ ᠳᠤ ᠨᠢ ᠪᠤᠶᠤ ᠠᠯᠢ ᠨᠢᠬᠡᠨ ᠬᠡᠰᠡᠭ ᠮᠢᠬ᠎ᠠ ᠪᠠᠷ ᠨᠢ ᠪᠤᠴᠠᠯᠭᠠᠭᠰᠠᠨ ᠱᠦᠯᠦ ᠮᠦᠨ᠃ ᠪᠡᠶ᠎ᠡ ᠶᠢᠨ ᠲᠠᠮᠢᠷ ᠲᠡᠩᠭᠡᠭᠡ ᠶᠢ ᠰᠠᠶᠢᠵᠢᠷᠠᠭᠤᠯᠬᠤ᠂ ᠴᠤᠭ ᠰᠦᠯᠳᠡ ᠶᠢ ᠨᠡᠮᠡᠭᠳᠡᠬᠦᠯᠬᠦ᠂ ᠬᠡᠢ ᠲᠠᠷᠤᠬᠤ ᠳᠤ ᠡᠶᠢᠮᠤ ᠱᠦᠯᠦ ᠰᠠᠶᠢᠨ ᠪᠠᠶᠢᠳᠠᠭ᠃ ᠬᠤᠨᠢᠨ ᠤ ᠠᠳᠠᠯᠢ ᠪᠤᠰᠤ ᠶᠠᠰᠤ ᠶᠢ ᠴᠢᠨᠠᠵᠤ ᠠᠳᠠᠯᠢ ᠪᠤᠰᠤ ᠶᠢ ᠱᠦᠯᠦ ᠭᠠᠷᠭᠠᠵᠤ ᠤᠤᠭᠤᠳᠠᠭ᠃ ᠬᠤᠨᠢᠨ ᠶᠠᠰᠤᠨ ᠤ ᠱᠦᠯᠦ ᠨᠦᠭᠦᠳ ᠬᠡᠪᠡᠯ ᠭᠤᠤᠯᠳᠠᠭᠤ᠂ ᠶᠠᠰᠤᠨ ᠬᠠᠨᠳᠠ ᠶᠢᠨ ᠱᠦᠯᠦ᠂ ᠭᠤᠷᠪᠠᠨ ᠰᠢᠮᠡᠳᠣ ᠶᠢᠨ ᠱᠦᠯᠦ᠂ ᠲᠦᠷᠬᠡᠨ ᠰᠢᠮᠡᠳᠣ ᠶᠢᠨ ᠱᠦᠯᠦ᠃ ᠪᠤᠷᠪᠢ ᠲᠤᠶᠢᠭ ᠤᠨ ᠱᠦᠯᠦ ᠵᠡᠷᠬᠡ ᠪᠤᠢ᠃ ᠡᠳᠡᠬᠡᠷ ᠱᠦᠯᠦ ᠶᠢᠨ ᠦᠨᠦᠷ ᠠᠮᠳᠠ᠂ ᠬᠦᠴᠣ ᠦᠢᠯᠡᠳᠦᠯ ᠨᠢ ᠴᠦ ᠬᠠᠷᠢᠯᠴᠠᠨ ᠠᠳᠠᠯᠢ ᠦᠭᠡᠢ ᠪᠠᠶᠢᠳᠠᠭ᠃ ᠡᠬᠦᠨ ᠠᠴᠠ ᠭᠠᠳᠠᠨ᠎ᠠ ᠪᠠᠰᠠ ᠲᠦᠷᠪᠡᠨ ᠨᠠᠶᠢᠷᠠᠯᠳᠣ ᠱᠦᠯᠦ᠂ ᠬᠤᠨᠢᠨ ᠲᠤᠯᠤᠭᠠᠢ ᠶᠢᠨ ᠪᠢᠳᠡᠬᠦᠦ ᠱᠦᠯᠦ ᠵᠡᠷᠬᠡ ᠴᠦ ᠪᠤᠢ᠃ ᠦᠷᠬᠦᠯᠵᠢ ᠡᠳ᠋ᠯᠡᠳᠡᠭ ᠴᠢᠰᠤᠨ ᠱᠦᠯᠦ ᠬᠡᠪᠡᠯ᠂ ᠬᠢᠷᠤᠮᠴᠠᠭ ᠱᠦᠯᠦ ᠪᠤᠯᠤᠨ᠎ᠠ᠃ ᠪᠦᠬᠦᠯᠢ ᠱᠦᠯᠦ ᠁ ᠪᠦᠬᠦᠯᠢ ᠬᠤᠨᠢᠨ ᠮᠢᠬ᠎ᠠ ᠴᠢᠨᠠᠭᠰᠠᠨ ᠱᠦᠯᠦ ᠶᠢ ᠪᠦᠷ ᠰᠠᠶᠢᠨ ᠬᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号