ᠵᠠᠭᠤᠴᠢ ᠶᠢᠨ ᠦᠬᠢᠨ ᠭᠤᠶᠤᠬᠤ ᠦᠭᠡ
ᠨᠡᠶᠢᠲᠡᠯᠡᠭᠰᠡᠨ ᠴᠠᠭ᠄
2019/11/8
ᠳᠡᠬᠦᠰ ᠬᠦᠮᠦᠨ ᠢ ᠭᠤᠶᠤᠵᠤ ᠵᠠᠭᠤᠴᠢ ᠪᠤᠯᠭᠠᠨ᠂ ᠪᠡᠯᠬᠡᠳᠡᠯᠳᠤ ᠰᠠᠶᠢᠨ ᠡᠳᠤᠷ ᠳᠤᠭᠳᠠᠭᠠᠵᠤ᠂ ᠳᠡᠷᠡ ᠡᠳᠤᠷ ᠢᠶᠠᠨ ᠦᠬᠢᠨ ᠤ ᠬᠡᠷ ᠲᠤ ᠵᠠᠭᠤᠴᠢ ︵ᠨᠠᠷ︶ ᠪᠠᠨ ᠢᠯᠡᠬᠡᠵᠤ᠂ ᠤᠷᠤᠭ ᠪᠠᠷᠢᠯᠳᠤᠬᠤ ᠦᠬᠢᠨ ᠭᠤᠶᠤᠵᠤ ᠪᠤᠢ ᠪᠠᠨ ᠮᠡᠳᠡᠭᠳᠡᠨ᠂ ᠡᠴᠢᠬᠡ᠂ ᠡᠬᠡ ᠳᠤᠨᠢ ᠤᠷᠤᠭ ᠤᠨ ᠦᠬᠡ ᠬᠡᠯᠡᠬᠡᠳ ᠬᠠᠳᠠᠭ ᠪᠠᠷᠢᠳᠠᠭ ᠶᠤᠰᠤ ᠲᠠᠢ᠃ ᠵᠠᠭᠤᠴᠢ ᠨᠠᠷ ᠵᠤᠷᠢᠭᠰᠠᠨ ᠠᠶᠢᠯ ᠳᠠᠭᠠᠨ ᠤᠴᠢᠭᠠᠳ᠄ ᠳᠠᠨ ᠤ ᠳᠤ ᠦᠷ᠎ᠡ ᠳᠦᠷᠤ ᠶᠢᠨ ᠬᠡᠷᠡᠭ ᠲᠠᠢ ᠢᠷᠡᠯ᠎ᠡ ᠳᠠᠨ ᠤ ᠳᠤ ᠬᠤᠨᠢᠨ ᠵᠢᠯ ᠲᠠᠢ ᠠᠷᠪᠠᠨ ᠨᠠᠢᠮᠠᠨ ᠨᠠᠰᠤ ᠲᠠᠢ ᠳᠠᠩᠬᠢᠯ ᠬᠤᠩᠭᠤᠷ ᠦᠬᠢᠨ ᠪᠤᠢ ᠬᠡᠨ᠎ᠡ ᠮᠠᠨ ᠤ ᠳᠤ ᠨᠢᠬᠡ ᠬᠦᠤ ᠪᠠᠶᠢᠨ᠎ᠠ ᠳᠡᠬᠦᠨ ᠤ ᠬᠢ ᠪᠠᠨ ᠤᠳᠤᠭ᠎ᠠ ᠶᠢ ᠦᠵᠡᠵᠤ ᠤᠷᠤᠨ ᠬᠡᠷ ᠪᠤᠯᠭᠠᠬᠤ ᠬᠦᠰᠡᠯ ᠲᠠᠢ ᠶᠠᠪᠤᠨ᠎ᠠ ᠲᠠ ᠪᠦᠬᠦᠳᠡ ᠶᠢᠨ ᠠᠭᠤᠵᠢ ᠬᠤᠷᠮᠤᠢ ᠠᠭᠤᠵᠢᠮ ᠰᠤᠭᠤᠨ ᠳᠤ ᠪᠠᠭᠳᠠᠭᠠᠵᠤ ᠬᠡᠷ ᠪᠦᠯᠢ ᠪᠤᠯᠭᠠᠬᠤ ᠡᠶᠢᠮᠤ ᠬᠦᠰᠡᠯ ᠲᠠᠢ ᠶᠠᠪᠤᠨ᠎ᠠ ᠬᠡᠰᠡᠨ ᠤᠳᠬ᠎ᠠ ᠰᠠᠨᠠᠭ᠎ᠠ ᠪᠦᠬᠦᠢ ᠤᠷᠠᠨ ᠦᠬᠡᠰ ᠬᠡᠯᠡᠳᠡᠭ᠃ ᠵᠠᠭᠤᠴᠢ ᠨᠠᠷ ᠤᠨ ᠡᠨᠡᠬᠦ ᠦᠬᠡᠰ ᠨᠢ ᠶᠠᠩᠵᠤ ᠪᠦᠷᠢ ᠪᠠᠶᠢᠭᠰᠠᠨ ᠪᠤᠯᠪᠠᠴᠤ ᠤᠷᠤᠭ ᠤᠶᠢᠷᠠᠳᠤᠭᠤᠯᠳᠠᠭ ᠦᠬᠢᠨ ᠭᠤᠶᠤᠬᠤ ᠶᠤᠰᠤ ᠨᠢ ᠢᠵᠢᠯ ᠪᠢᠯᠡ᠃ ᠳᠡᠶᠢᠨᠬᠦ ᠬᠦᠤ ᠳᠠᠯ᠎ᠠ ᠠᠴᠠ ᠦᠢᠯᠡᠳᠦᠭᠰᠡᠨ ᠬᠤᠷᠢᠮ ᠤᠨ ᠡᠮᠤᠨᠡᠬᠢ ᠵᠠᠩ ᠦᠢᠯᠡ᠂ ᠶᠤᠰᠤᠯᠠᠯ ᠢ ᠦᠬᠢᠨ ᠤ ᠳᠠᠯ᠎ᠠ ᠬᠦᠯᠢᠶᠡᠨ ᠵᠦᠪᠰᠢᠶᠡᠷᠡᠭᠰᠡᠨ ᠪᠤᠯ ᠬᠦᠤ᠂ ᠦᠬᠢᠨ ᠤ ᠨᠠᠰᠤ ᠵᠢᠯ ᠢ ᠬᠤᠤᠰᠯᠠᠨ᠂ ᠢᠪᠡᠬᠡᠯ ᠮᠠᠬᠠᠪᠤᠳ ᠢ ᠦᠵᠡᠵᠤ᠂ ᠬᠠᠷᠰᠢ ᠪᠢᠰᠢ ᠪᠤᠯᠪᠠᠰᠤ ᠤᠷᠤᠭ ᠪᠠᠷᠢᠯᠳᠤᠬᠤ ᠤᠷᠤᠭ ᠤᠨ ᠬᠡᠷᠡᠭ ᠪᠦᠲᠦᠳᠡᠭ ᠪᠠᠶᠢᠨ᠎ᠠ᠃ ᠬᠠᠷᠢᠨ ᠵᠢᠯ᠂ ᠮᠠᠬᠠᠪᠤᠳ ᠬᠠᠷᠰᠢ ᠬᠡᠮᠡᠭᠳᠡᠪᠡᠯ ᠦᠬᠢᠨ ᠤ ᠳᠠᠯ᠎ᠠ ᠭᠤᠶᠤᠯᠳᠠ ᠶᠢ ᠬᠦᠯᠢᠶᠡᠨ ᠠᠪᠬᠤ ᠳᠤ ᠬᠡᠳᠦᠶᠢᠪᠡᠷ ᠳᠠᠳᠠᠭᠠᠯᠵᠠᠬᠤ ᠦᠬᠡᠢ ᠪᠠᠶᠢᠪᠠᠴᠤ ᠤᠷᠤᠭ ᠪᠠᠷᠢᠯᠳᠤᠬᠤ ᠶᠤᠰᠤᠨ ᠤ ᠳᠠᠭᠠᠤ ᠴᠡᠬᠡᠷ ᠲᠠᠢ ᠪᠠᠶᠢᠵᠠᠢ᠃ ᠮᠤᠩᠭᠤᠯᠴᠤᠳ ᠠᠷᠭ᠎ᠠ ᠶᠢᠨ ᠳᠤᠭᠠᠯᠠᠯ ᠤᠨ ᠤᠶᠢᠷᠠᠯᠴᠠᠭ᠎ᠠ  ᠳᠤ 12 ᠵᠢᠯ ᠢ ᠭᠤᠷᠪᠠ ᠭᠤᠷᠪᠠ ᠪᠠᠷ ᠢᠪᠡᠬᠡᠯ ᠵᠢᠯ ᠬᠡᠵᠤ ᠦᠵᠡᠳᠡᠭ ᠪᠦᠬᠡᠳ ᠢᠯᠠᠩᠭᠤᠶ᠎ᠠ ᠤᠷᠤᠭ ᠳᠦᠷᠦᠯ ᠪᠠᠷᠢᠯᠳᠤᠬᠤ ᠤᠷᠤᠭ ᠤᠨ ᠬᠡᠷᠡᠭ ᠲᠤ ᠢᠪᠡᠬᠡᠯ ᠵᠢᠯ ᠢ ᠶᠡᠭᠡ ᠡᠷᠬᠢᠮᠯᠡᠨ ᠦᠵᠡᠵᠤ᠂ ᠳᠡᠳᠡᠨ ᠤ ᠴᠠᠰᠢᠳᠠ ᠶᠢᠨ ᠬᠠᠮᠳᠤ ᠶᠢᠨ ᠠᠮᠢᠳᠤᠷᠠᠯ ᠵᠢᠷᠭᠠᠯᠳᠠᠢ ᠪᠠᠶᠢᠬᠤ ᠶᠢᠨ ᠪᠡᠯᠬᠡᠳᠡᠯ ᠬᠡᠳᠡᠭ ᠠᠵᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号