ᠮᠣᠩᠭᠤᠯᠴᠤᠳ ᠤᠨ ᠡᠴᠢᠬᠡ ᠪᠠᠨ ᠬᠦᠨᠳᠤᠯᠡᠬᠦ ᠶᠤᠰᠤ
ᠨᠡᠶᠢᠲᠡᠯᠡᠭᠰᠡᠨ ᠴᠠᠭ᠄
2019/11/8
ᠬᠡᠷ ᠪᠦᠯᠢ ᠤᠷᠤᠭ ᠳᠦᠷᠦᠯ ᠤᠨ ᠦᠨᠳᠤᠰᠤ ᠪᠤᠯ ᠨᠡᠬᠦᠳᠡᠯ ᠤᠨ ᠮᠠᠯ ᠠᠵᠤ ᠠᠬᠤᠢ ᠡᠷᠬᠢᠯᠡᠨ ᠢᠷᠡᠭᠰᠡᠨ ᠡᠷᠦᠬᠡ ᠬᠡᠷ ᠤᠨ ᠨᠢᠬᠡᠨ ᠬᠡᠯᠪᠡᠷᠢ ᠪᠤᠯᠬᠤ ︽ᠪᠠᠭ᠎ᠠ ᠬᠡᠷ︾ ᠶᠤᠮ᠃ ᠪᠠᠭ᠎ᠠ ᠬᠡᠷ ᠲᠤ ᠠᠵᠤ ᠠᠬᠤᠢ ᠶᠢᠨ ᠪᠠᠶ᠎ᠠ ᠳᠠᠭᠠᠭᠭᠠᠰᠠᠨ ᠬᠡᠷ ᠪᠦᠯᠢ ᠪᠤᠯᠤᠨ ᠬᠦᠤ ᠶᠢᠨ ᠡᠷᠦᠬᠡ ᠪᠠᠭᠳᠠᠳᠠᠭ ᠪᠠᠶᠢᠨ᠎ᠠ᠃ ᠪᠠᠭ᠎ᠠ ᠬᠡᠷ ᠤᠨ ᠳᠡᠷᠢᠬᠦᠯᠡᠭᠴᠢ ᠨᠢ ᠡᠴᠢᠬᠡ ᠪᠦᠬᠡᠳ ᠳᠡᠷᠡ ᠨᠢ ᠪᠦᠬᠦ ᠠᠵᠤ ᠠᠬᠤᠢ ᠶᠢᠨ ᠡᠵᠡᠨ ᠪᠠᠶᠢᠨ᠎ᠠ᠃ ᠡᠷᠦᠬᠡ ᠶᠢᠨ ᠳᠡᠷᠢᠬᠦᠯᠡᠭᠴᠢ ᠪᠦᠬᠦ ᠠᠵᠤ ᠠᠬᠤᠢ᠂ ᠦᠮᠴᠢ ᠬᠦᠷᠦᠩᠬᠡ ᠪᠠᠨ ᠵᠠᠬᠢᠷᠴᠤ᠂ ᠳᠡᠬᠦᠨ ᠤ ᠰᠢᠢᠳᠪᠤᠷᠢ ᠪᠠᠷ ᠠᠬᠤᠢ ᠬᠦᠳᠦᠯᠦᠭᠳᠡᠵᠤ ᠢᠷᠡᠵᠡᠢ᠃ ᠬᠡᠬᠦ ᠳᠡᠭᠡᠨ ᠠᠷᠣ ᠬᠠᠯᠬᠠᠴᠤᠳ ᠤᠨ ᠬᠡᠷ ᠪᠦᠯᠢ ᠳᠤ ᠨᠦᠬᠦᠷ᠂ ᠡᠬᠡᠨᠡᠷ ᠤᠨ ᠬᠤᠭᠤᠷᠤᠨᠳᠤ ᠶᠢᠨ ᠬᠠᠷᠢᠯᠴᠠᠭ᠎ᠠ ᠮᠠᠰᠢ ᠳᠤᠮᠤ᠂ ᠭᠤᠤᠯᠯᠠᠬᠤ ᠡᠭᠦᠷᠭᠡ ᠲᠠᠢ ᠶᠤᠮ᠃ ᠡᠬᠡᠨᠡᠷ ᠤᠳ ᠬᠡᠷ ᠠᠬᠤᠢ᠂ ᠮᠠᠯ ᠠᠵᠤ ᠠᠬᠤᠢ ᠬᠦᠳᠦᠯᠬᠦ᠂ ᠦᠷ᠎ᠡ ᠬᠡᠤᠬᠡᠳ ᠢᠶᠠᠨ ᠦᠰᠬᠡᠨ ᠬᠦᠮᠦᠵᠢᠬᠦᠯᠬᠦ ᠵᠡᠷᠬᠡ ᠪᠠᠷ ᠡᠷᠦᠬᠡ ᠬᠡᠷ ᠤᠨ ᠪᠦᠬᠦ ᠬᠠᠷᠢᠯᠴᠠᠭᠠᠨ ᠳᠤ ᠡᠷᠡᠴᠤᠳ ᠤᠨ ᠨᠢᠬᠡᠨ ᠠᠳᠠᠯᠢ ᠡᠷᠬᠡ ᠲᠠᠢ ᠤᠷᠤᠯᠴᠠᠳᠠᠭ ᠪᠠᠶᠢᠵᠠᠢ᠃ ᠪᠠᠭ᠎ᠠ ᠬᠡᠷ ᠪᠦᠯᠢ ᠳᠤ ᠡᠴᠢᠬᠡ ᠶᠢ ᠬᠦᠨᠳᠤᠯᠡᠬᠦ ᠶᠤᠰᠤ ᠬᠡᠪ ᠵᠠᠩᠰᠢᠯ ᠳᠤᠮᠤᠬᠠᠨ ᠪᠠᠶᠢᠷᠢ ᠰᠠᠭᠤᠷᠢ ᠡᠵᠡᠯᠡᠵᠤ ᠪᠠᠶᠢᠯ᠎ᠠ ᠃ ᠳᠤᠬᠠᠶᠢᠯᠠᠪᠠᠯ᠂ ᠴᠠᠢ ᠬᠤᠭᠤᠯᠠᠨ ᠤ ᠳᠡᠬᠡᠵᠢ ᠶᠢ ᠬᠠᠮᠤᠭ ᠤᠨ ᠡᠬᠢᠨ ᠳᠤ ᠡᠷᠦᠬᠡ ᠶᠢᠨ ᠳᠡᠷᠢᠬᠦᠯᠡᠭᠴᠢ — ᠡᠷ᠎ᠡ ᠨᠦᠬᠦᠷ ᠲᠡᠭᠡᠨ ᠠᠶᠠᠭᠠᠯᠠᠨ ᠪᠠᠷᠢᠬᠤ᠂ ᠪᠦᠬᠦᠯᠢ ᠮᠢᠬᠠᠨ ᠬᠤᠭᠤᠯᠠ ᠶᠢ ᠬᠡᠷ ᠤᠨ ᠡᠵᠡᠨ ᠤ ᠡᠮᠤᠨ᠎ᠡ ᠳᠠᠯᠪᠢᠬᠤ᠂ ᠳᠠᠷᠠ  ᠪᠠᠷ ᠪᠦᠬᠦᠳᠡ ᠳᠤ ᠬᠤᠪᠢᠶᠠᠨ ᠦᠭᠬᠦ᠂ ᠬᠡᠷ ᠲᠤ ᠤᠷᠤᠭᠰᠠᠨ ᠬᠦᠮᠦᠨ ᠡᠬᠢᠯᠡᠨ ᠡᠷᠦᠬᠡ ᠶᠢᠨ ᠳᠡᠷᠢᠬᠦᠯᠡᠭᠴᠢ ᠶᠢᠨ ᠠᠮᠤᠷ ᠠᠮᠤᠭᠤᠯᠠᠩ ᠢ ᠠᠰᠠᠭᠤᠵᠤ ᠳᠠᠮᠠᠬᠢᠯᠠᠬᠤ ᠬᠡᠬᠦ ᠮᠡᠳᠤ ᠤᠯᠠᠮᠵᠢᠯᠠᠨ ᠳᠤᠭᠳᠠᠭᠰᠠᠨ ᠬᠡᠪ ᠵᠠᠩᠰᠢᠯ᠂ ᠶᠤᠰᠤ ᠭᠤᠷᠢᠮ ᠲᠠᠢ ᠪᠠᠶᠢᠵᠠᠢ᠃ ᠡᠷᠦᠬᠡ ᠶᠢᠨ ᠳᠡᠷᠢᠬᠦᠯᠡᠭᠴᠢ ᠨᠡᠬᠦᠳᠡᠯ ᠰᠠᠭᠤᠳᠠᠯ ᠬᠢᠬᠦ᠂ ᠪᠠᠭᠤᠷᠢ ᠪᠠᠭᠤᠴᠠ᠂ ᠨᠤᠳᠤᠭ ᠰᠤᠩᠭᠤᠬᠤ᠂ ᠮᠠᠯ ᠠᠷᠠᠯᠵᠢᠬᠤ ᠵᠡᠷᠬᠡ ᠠᠮᠢᠳᠤᠷᠠᠯ ᠠᠬᠤᠢ ᠶᠢᠨ ᠠᠰᠠᠭᠤᠳᠠᠯ ᠢ ᠰᠢᠢᠳᠬᠦ ᠳᠡᠭᠡᠨ ᠡᠬᠡᠨᠡᠷ ᠲᠠᠢ ᠪᠠᠨ ᠵᠦᠪᠯᠡᠨ ᠪᠠᠶᠢᠵᠤ᠂ ᠬᠠᠮᠳᠤᠷᠠᠨ ᠰᠢᠢᠳᠦᠳᠡᠭ ᠪᠠᠶᠢᠭᠰᠠᠨ ᠵᠠᠩᠰᠢᠯ ᠨᠢ ᠨᠦᠬᠦᠷ᠂ ᠡᠬᠡᠨᠡᠷ ᠬᠤᠶᠠᠷ ᠤᠨ ᠬᠤᠭᠤᠷᠤᠨᠳᠤ  ᠶᠢᠨ ᠬᠠᠷᠢᠯᠴᠠᠭ᠎ᠠ ᠡᠪᠰᠡᠭ᠂ ᠨᠠᠶᠢᠷᠰᠠᠭ᠂ ᠪᠠᠶ᠎ᠠ ᠪᠠᠶ᠎ᠠ ᠪᠠᠨ ᠬᠦᠨᠳᠤᠯᠡᠳᠡᠭ ᠪᠠᠶᠢᠬᠤ ᠵᠢᠷᠤᠮ ᠳᠤ ᠶᠡᠬᠡᠬᠡᠨ ᠨᠦᠯᠦᠬᠡᠯᠡᠵᠤ ᠪᠠᠶᠢᠪᠠ᠃ ᠨᠢᠬᠡ ᠬᠡᠷ ᠪᠦᠯᠢ ᠶᠢᠨ ᠤᠯᠤᠰ ︵ᠡᠷ᠎ᠡ᠂ ᠡᠮ᠎ᠡ︶ ᠪᠡᠶ᠎ᠡ ᠪᠡᠶ᠎ᠡ ᠪᠠᠨ ᠨᠡᠷ᠎ᠡ ᠪᠠᠷ ᠨᠢ ᠳᠠᠭᠤᠳᠠᠳᠠᠭ ᠦᠬᠡᠢ᠂ ︽ᠮᠠᠨ  ᠤ ᠡᠨᠡ︾᠂ ︽ᠮᠠᠨ ᠤ ᠬᠡᠷ ᠤᠨ ᠬᠦᠮᠦᠨ︾᠂ ︽ᠬᠦᠤ ᠶᠢᠨ ᠡᠴᠢᠬᠡ ︵ᠡᠬᠡ︶︾᠂ ︽ᠠᠪᠠᠭᠠᠢ᠂ ᠡᠬᠡᠨᠡᠷ᠂ ᠬᠡᠷᠬᠡᠢ︾ ᠬᠡᠬᠦ ᠵᠡᠷᠬᠡ ᠪᠠᠷ ᠨᠠᠷᠡᠯᠡᠨ ᠬᠠᠷᠢᠯᠴᠠᠳᠠᠭ ᠨᠢ ᠶᠤᠰᠤ ᠰᠤᠷᠳᠠᠬᠤᠨ ᠤ ᠤᠯᠠᠮᠵᠢᠯᠡᠯᠳᠤ ᠬᠡᠪ ᠵᠠᠩᠰᠢᠯ ᠪᠤᠯᠵᠠᠢ᠃ ᠬᠡᠷ ᠪᠦᠯᠢ ᠳᠤ ᠬᠡᠤᠬᠡᠳ ᠤᠳ ᠪᠠᠭ᠎ᠠ ᠨᠠᠰᠤᠨ ᠠᠴᠠ ᠪᠠᠨ ᠡᠴᠢᠬᠡ᠂ ᠡᠬᠡ᠂ ᠠᠬ᠎ᠠ᠂ ᠡᠬᠡᠴᠢ ᠪᠠᠨ ᠬᠦᠨᠳᠤᠯᠡᠵᠤ ᠰᠤᠷᠳᠠᠭ ᠤᠯᠠᠮᠵᠢᠯᠠᠯ ᠲᠠᠢ᠃ ᠡᠴᠢᠬᠡ ᠡᠬᠡ ᠶᠢᠨ ᠳᠡᠷᠬᠡᠳᠡ᠂ ᠶᠡᠷᠤ ᠨᠢ ᠠᠬᠠᠮᠠᠳ ᠬᠦᠮᠦᠰ ᠪᠠᠶᠢᠬᠤ ᠦᠶ᠎ᠡ ᠳᠤ ᠬᠡᠤᠬᠡᠳ ᠪᠠᠭᠠᠴᠤᠳ ᠳᠡᠳᠡᠨ ᠤ ᠶᠠᠷᠢᠶ᠎ᠠ ᠶᠢ ᠳᠠᠰᠤᠯᠵᠤ ᠳᠤᠮᠳᠠᠭᠤᠷ ᠤᠷᠤᠵᠤ ᠶᠠᠷᠢᠬᠤ᠂ ᠬᠤᠭᠤᠷᠤᠨᠳᠤ ᠪᠠᠨ ᠴᠢᠩᠭ᠎ᠠ ᠶᠠᠷᠢᠯᠴᠠᠬᠤ᠂ ᠳᠠᠭᠤᠤ ᠳᠠᠭᠤᠯᠠᠬᠤ ᠴᠡᠬᠡᠷ ᠲᠠᠢ᠃ ᠬᠡᠤᠬᠡᠳ ᠤᠳ ᠤᠷᠤᠢ ᠡᠴᠢᠬᠡ᠂ ᠡᠬᠡ ᠳᠡᠭᠡᠨ ᠠᠮᠤᠭᠤᠯᠠᠩ ᠨᠤᠶᠢᠷᠰᠤᠬᠤ ᠶᠢ ᠬᠦᠰᠡᠵᠤ᠂ ᠦᠷᠯᠦᠬᠡ ᠳᠠᠪᠠᠯᠢᠭ ᠠᠮᠠᠷᠠᠭᠰᠠᠨ ᠢ ᠠᠰᠠᠭᠤᠳᠠᠭ᠂ ᠵᠠᠩᠰᠢᠯ ᠶᠤᠰᠤ ᠭᠤᠷᠢᠮ ᠲᠠᠢ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号