︽ᠬᠡᠤᠬᠡᠨ ᠪᠤᠰᠬᠠᠵᠤ︾ ︵ᠤᠷᠭᠤᠭᠤᠯᠵᠤ︶ ᠬᠡᠷᠯᠡᠬᠦ ᠬᠡᠯᠪᠡᠷᠢ
ᠨᠡᠶᠢᠲᠡᠯᠡᠭᠰᠡᠨ ᠴᠠᠭ᠄
2019/11/8
ᠬᠡᠤᠬᠡᠨ ᠪᠤᠰᠬᠠᠭᠤᠯᠵᠤ ᠬᠡᠷᠯᠡᠬᠦ ᠨᠢ ᠬᠤᠤᠰ ᠵᠠᠯᠠᠭᠤᠰ ᠤᠨ ᠰᠠᠨᠠᠭ᠎ᠠ ᠰᠡᠳᠬᠢᠯ ᠤᠨ ᠳᠤᠬᠢᠷᠠᠯᠴᠠᠭᠠᠨ ᠤ ᠦᠨᠳᠤᠰᠤᠨ ᠳᠡᠬᠡᠷ᠎ᠡ ᠪᠤᠯᠵᠤᠭᠰᠠᠨ ᠬᠤᠭᠤᠴᠠᠭᠠᠨ ᠳᠠᠭᠠᠨ ᠰᠦᠨᠢ ᠶᠢᠨ ᠴᠠᠭ ᠢᠶᠠᠷ ᠡᠷᠡᠭᠳᠡᠢ ᠨᠢ ᠬᠡᠰᠡᠭ ᠨᠦᠬᠦᠳ ᠤᠨ ᠬᠠᠮᠳᠤ ᠶᠤᠮ ᠤᠤ ᠡᠰᠡᠪᠡᠯ ᠭᠠᠭᠴᠠᠭᠠᠷ ᠢᠶᠠᠨ ᠬᠦᠳᠦᠯᠦᠬᠡ ᠮᠤᠷᠢ ᠲᠠᠢ ᠢᠷᠡᠵᠤ ᠬᠡᠤᠬᠡᠨ ᠢᠶᠠᠨ ᠪᠤᠰᠬᠠᠵᠤ ︵ᠤᠷᠭᠤᠭᠤᠯᠵᠤ︶ ᠠᠪᠤᠭᠠᠳ ᠬᠡᠤᠬᠡᠨ ᠤ ᠡᠴᠢᠬᠡ ᠶᠢᠨ ᠬᠡᠷ ᠤᠨ ᠡᠷᠦᠬᠡᠨ ᠤ ᠤᠭᠤᠰᠤᠷ ᠪᠤᠯᠤᠨ ᠳᠤᠳᠤᠭᠤᠨ ᠠᠴᠠ ᠬᠠᠳᠠᠭ ᠵᠡᠬᠦᠵᠤ᠂ ᠦᠬᠢᠨ ᠢ ᠤᠷᠭᠤᠭᠤᠯᠤᠨ ᠠᠪᠠᠴᠢᠭᠰᠠᠨ ᠢᠶᠠᠨ ᠮᠡᠳᠡᠭᠳᠡᠵᠤ ᠪᠤᠢ ︽ᠳᠡᠮᠳᠡᠭ︾ ᠳᠠᠯᠪᠢᠳᠠᠭ ᠠᠵᠢ᠃ ᠬᠡᠤᠬᠡᠨ ᠤᠷᠭᠤᠭᠤᠯᠵᠤ ᠠᠪᠴᠢᠷᠠᠭᠠᠳ ᠭᠤᠷᠪᠠ ᠬᠤᠨᠤᠭᠰᠠᠨ ᠤ ᠡᠴᠤᠰ ᠲᠤ ᠬᠦᠤ ᠶᠢᠨ ᠡᠴᠢᠬᠡ ᠤᠭ ᠦᠬᠢᠨ ᠤ ᠡᠴᠢᠬᠡ ᠶᠢᠨ ᠳᠤ ᠤᠴᠢᠵᠤ ᠪᠡᠷᠢ ᠭᠤᠶᠤᠬᠤ ᠵᠠᠩ ᠦᠢᠯᠡ ᠬᠦᠢᠴᠡᠳᠬᠡᠭᠰᠡᠨ ᠡᠴᠢᠬᠡ᠂ ᠡᠬᠡ ᠲᠠᠢ ᠨᠢ ᠬᠤᠷᠢᠮ ᠤᠨ ᠶᠤᠰᠤᠯᠠᠯ ᠨᠠᠶᠢᠷ ᠬᠢᠬᠦ ᠡᠳᠤᠷ ᠢᠶᠠᠨ ᠳᠤᠭᠳᠠᠭᠠᠳᠠᠭ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号