ᠬᠠᠳᠠᠮ ᠪᠠ ᠪᠡᠷᠢ ︵ᠬᠦᠷᠭᠡᠨ︶ ᠶᠢᠨ ᠬᠤᠭᠤᠷᠣᠨᠳᠤᠬᠢ ᠶᠣᠰᠤᠨ
ᠨᠡᠶᠢᠲᠡᠯᠡᠭᠰᠡᠨ ᠴᠠᠭ᠄
2019/11/8
ᠬᠠᠳᠠᠮ ᠡᠴᠢᠬᠡ᠂ ᠪᠡᠷᠢ ᠬᠤᠶᠠᠷ ᠤᠨ ᠬᠤᠭᠤᠷᠤᠨᠳᠤ ᠨᠠᠷᠢᠨ ᠴᠢᠩᠳᠠ ᠰᠠᠬᠢᠳᠠᠭ ᠤᠯᠠᠨ ᠬᠤᠷᠢᠭ᠎ᠠ ᠴᠡᠬᠡᠷ᠂ ᠪᠠᠶ᠎ᠠ ᠪᠠᠶᠡᠰ ᠢᠶᠠᠨ ᠬᠦᠳᠤᠯᠡᠭᠰᠡᠨ ᠵᠠᠩᠰᠢᠯ ᠤᠯᠠᠮᠵᠢᠯᠠᠭᠳᠠᠵᠤ ᠪᠠᠶᠢᠵᠠᠢ᠃ ᠪᠡᠷᠢ᠂ ᠬᠠᠳᠠᠮ ᠡᠴᠢᠬᠡ ᠶᠢᠨ ᠳᠤ ᠠᠩᠬ᠎ᠠ ᠤᠷᠤᠬᠤ ᠳᠠᠭᠠᠨ ᠪᠤᠷᠬᠠᠨ ᠰᠢᠳᠦᠬᠡᠨ᠂ ᠭᠠᠯ ᠭᠤᠯᠤᠮᠳᠠ ᠳᠤ ᠨᠢ ᠮᠦᠷᠬᠦᠬᠦ ᠠᠴᠠ ᠭᠠᠳᠠᠨ᠎ᠠ ᠬᠠᠳᠠᠮ ᠡᠴᠢᠬᠡ᠂ ᠡᠬᠡ᠂ ᠠᠬ᠎ᠠ ᠡᠬᠡᠴᠢ ᠨᠠᠷ ᠲᠤ ᠮᠦᠷᠬᠦᠳᠡᠭ ᠶᠤᠰᠤ ᠲᠠᠢ᠃ ᠮᠦᠷᠬᠦᠬᠦ ᠶᠤᠰᠤᠯᠠᠯ ᠳᠠᠭᠤᠰᠤᠭᠰᠠᠨ ᠢᠶᠠᠷ ᠪᠡᠷᠢ ᠬᠠᠳᠠᠮ ᠤᠨ ᠬᠡᠷ ᠪᠦᠯᠢ ᠶᠢᠨ ᠪᠦᠷᠢᠨ ᠡᠷᠬᠡᠳᠤ ᠬᠡᠰᠢᠬᠦᠨ ᠪᠤᠯᠳᠠᠭ᠃ ᠡᠨᠡ ᠶᠤᠰᠤᠯᠠᠯ ᠨᠢ ᠡᠷᠳᠡᠨ ᠤ ᠡᠬᠦᠰᠦᠯ ᠲᠠᠢ ᠪᠦᠬᠡᠳ ᠤᠪᠤᠭ ᠤᠨ ᠪᠠᠶᠢᠭᠤᠯᠤᠯ ᠤᠨ ᠦᠶ᠎ᠡ ᠶᠢᠨ ᠳᠦᠰᠦᠬᠡᠯᠡᠯ ᠶᠤᠰᠤᠭᠠᠷ ᠬᠠᠷᠢ ᠤᠪᠤᠭ ᠤᠨ ᠬᠦᠮᠦᠨ ᠢ ᠦᠪᠡᠷ ᠤᠨ ᠤᠪᠤᠭ ᠲᠠᠭᠠᠨ ᠡᠯᠰᠡᠬᠦᠯᠦᠨ ᠠᠪᠴᠤ ᠪᠤᠢ ᠶᠢᠨ ᠤᠴᠢᠷ ᠤᠳᠬ᠎ᠠ ᠶᠢ ᠢᠯᠡᠷᠬᠡᠶᠢᠯᠡᠵᠤ ᠪᠠᠶᠢᠵᠠᠢ᠃ ᠳᠡᠬᠡᠵᠤ ᠮᠦᠷᠬᠦᠬᠦ ᠵᠠᠩ ᠦᠢᠯᠡᠳᠦᠭᠰᠡᠨ ᠪᠠᠷᠢ ᠶᠢ ᠬᠠᠳᠠᠮ ︽ᠳᠠᠷᠬᠠᠨ ᠪᠠᠷᠢ︾ ᠪᠤᠯᠤᠯ᠎ᠠ ᠬᠡᠵᠤ ᠬᠡᠯᠡᠪᠡᠯ ᠪᠠᠷᠢ ᠬᠤᠵᠢᠮ ᠬᠠᠳᠠᠮ ᠡᠴᠢᠬᠡ ᠂ ᠡᠬᠡ᠂ ᠠᠬ᠎ᠠ᠂ ᠡᠬᠡᠴᠢ ᠨᠠᠷ ᠲᠠᠢ ᠵᠤᠯᠭᠠᠬᠤ ᠳᠠᠭᠠᠨ ᠮᠦᠷᠬᠦᠳᠡᠭ ᠦᠬᠡᠢ᠂ ᠬᠠᠷᠢᠨ ᠳᠡᠳᠡᠨ ᠢ ᠤᠷᠤᠵᠤ ᠢᠷᠡᠬᠦ ᠳᠤ ᠪᠤᠰᠴᠤ ᠬᠦᠨᠳᠤᠳᠬᠡᠳᠡᠭ ᠪᠦᠬᠡᠳ ᠳᠡᠷᠬᠡᠳᠡ ᠨᠢ ᠵᠠᠪᠠᠯ ᠤᠭᠤᠵᠢ ᠡᠮᠤᠰᠴᠤ᠂ ᠳᠤᠯᠤᠭᠠᠢ ᠶᠢᠨ ᠪᠦᠷᠢᠨ ᠬᠡᠷᠡᠭᠯᠡᠯ᠂ ᠭᠤᠶᠤᠯ ᠢᠶᠠᠨ ᠵᠡᠬᠦᠭᠰᠡᠨ ᠪᠠᠶᠢᠳᠠᠭ ᠶᠤᠰᠤ ᠲᠠᠢ ᠠᠵᠢ᠃ ᠮᠦᠨ ᠪᠡᠷᠢ ᠬᠠᠳᠠᠮ ᠡᠴᠢᠬᠡ᠂ ᠡᠬᠡ ᠨᠠᠷ ᠤᠨ ᠳᠡᠷᠬᠡᠳᠡ ᠵᠠᠷᠬᠡᠴᠠᠨ ᠰᠠᠭᠤᠬᠤ ᠦᠬᠡᠢ᠂ ᠡᠯᠳᠡᠪ ᠵᠤᠬᠢᠰ ᠦᠬᠡᠢ ᠦᠬᠡᠰ᠂ ᠬᠠᠷᠢᠶᠠᠯ ᠬᠡᠯᠡᠬᠦ ᠦᠬᠡᠢ᠂ ᠬᠡᠷᠪᠡ ᠬᠠᠳᠠᠮ ᠡᠴᠢᠬᠡ ᠪᠠᠨ ᠳᠠᠮᠠᠬᠢᠯᠠᠬᠤ ᠪᠤᠯᠪᠠᠯ ᠬᠦᠮᠦᠨ ᠢᠶᠠᠷ ︵ᠪᠡᠷᠭᠡᠨ ᠢᠶᠠᠷ ︶ ᠳᠠᠮᠵᠢᠭᠤᠯᠤᠨ ᠳᠠᠮᠠᠬᠢᠯᠠᠬᠤ᠂ ᠬᠠᠳᠠᠮ ᠢ ᠭᠠᠳᠠᠭ᠎ᠠ ᠶᠠᠪᠤᠬᠤ ᠦᠶ᠎ᠡ ᠳᠤ ᠮᠤᠷᠢ ᠦᠵᠡᠬᠦ ︵ᠪᠠᠶ᠎ᠠ ᠵᠠᠰᠠᠬᠤ︶ ᠵᠡᠷᠬᠡ ᠴᠡᠬᠡᠷᠯᠡᠯ ᠲᠠᠢ ᠶᠢᠨ ᠵᠡᠷᠬᠡᠴᠡᠭᠡ ᠬᠠᠳᠠᠮ ᠤᠳ ᠪᠠᠷᠢ ᠶᠢᠨ ᠤᠯᠠᠮᠵᠢᠯᠠᠨ ᠰᠠᠬᠢᠵᠤ ᠢᠷᠡᠭᠰᠡᠨ ᠶᠤᠰᠤ ᠶᠢ ᠪᠠᠷᠢᠮᠳᠠᠯᠠᠨ ᠪᠠᠷᠢ ᠲᠠᠢ ᠪᠠᠨ ᠮᠦᠨ ᠬᠦᠨᠳᠤᠳᠬᠡᠭᠰᠡᠨ ᠪᠠᠶᠢᠳᠠᠯ ᠢᠶᠠᠷ ᠬᠠᠷᠢᠯᠴᠠᠳᠠᠭ ᠠᠵᠢ᠃ ᠬᠠᠳᠠᠮ ᠡᠴᠢᠬᠡ᠂ ᠡᠬᠡ ᠪᠡᠷᠢ ᠶᠢᠨ ᠰᠡᠳᠬᠢᠯ ᠳᠤ ︽ᠰᠡᠪ ᠰᠠᠭᠤᠨ᠎ᠠ︾᠂ ︽ᠪᠡᠷᠢ ᠶᠢ ᠵᠤᠪᠠᠭᠠᠨ᠎ᠠ︾ ᠬᠡᠵᠤ ᠠᠵᠢᠯ ᠳᠦᠷᠦᠯ ᠬᠢᠵᠤ ᠪᠠᠶᠢᠬᠤ ᠦᠶᠡᠰ ᠲᠤ᠂ ᠦᠰᠤ ᠬᠡᠵᠢᠬᠡ ᠪᠠᠨ ᠶᠠᠩᠵᠤᠯᠠᠵᠤ ᠪᠠᠶᠢᠬᠤ ᠦᠶᠡᠰ ᠲᠤ ᠰᠠᠭᠠᠳ ᠪᠤᠯᠬᠤ ᠦᠬᠡᠢ ᠶᠢ ᠬᠢᠴᠢᠶᠡᠳᠡᠭ ᠪᠠᠶᠢᠭᠰᠠᠨ ᠪᠦᠬᠡᠳ ᠶᠡᠷᠤ ᠨᠢ ᠬᠠᠳᠠᠮ ᠡᠴᠢᠬᠡ ᠬᠦᠤ ᠶᠢᠨ ᠬᠡᠷ ᠢᠶᠠᠷ ᠴᠦᠬᠡᠨ ᠤᠷᠤᠳᠠᠭ ᠵᠠᠩᠰᠢᠯ ᠲᠠᠢ ᠪᠠᠶᠢᠵᠠᠢ᠃ ᠬᠠᠳᠠᠮ ᠡᠴᠢᠬᠡ ᠶᠢᠨ ᠬᠢ ᠲᠠᠢ ᠨᠢᠭᠡ ᠬᠤᠳᠠ ᠳᠤ ᠠᠮᠢᠳᠤᠷᠠᠳᠠᠭ ᠪᠤᠯ ᠪᠡᠷᠢ ᠦᠷᠯᠦᠬᠡ ᠡᠷᠳᠡᠯᠡᠨ ᠪᠤᠰᠴᠤ ᠬᠠᠳᠠᠮ ᠤᠨ ᠡᠷᠦᠬᠡ ᠶᠢ ᠳᠠᠳᠠᠵᠤ ᠴᠠᠢ ᠶᠢ ᠨᠢ ᠴᠢᠨᠠᠵᠤ ᠦᠭᠳᠡᠭ ᠪᠠ ᠬᠠᠳᠠᠮ ᠤᠨ ᠬᠡᠷ ᠤᠨ ᠪᠠᠷᠠᠭᠤᠨ ᠳᠠᠯ᠎ᠠ ᠪᠠᠷ ᠡᠷᠬᠢᠬᠦ᠂ ᠳᠤᠭᠤᠷᠢᠵᠤ ᠶᠠᠪᠤᠬᠤ ᠶᠢ ᠡᠷᠡᠰ ᠴᠡᠬᠡᠷᠯᠡᠨ ᠬᠤᠷᠢᠭᠯᠠᠳᠠᠭ ᠪᠠᠶᠢᠵᠠᠢ᠃ ᠡᠨᠡ ᠪᠤᠯ ᠮᠦᠨᠬᠦ ᠮᠤᠩᠭᠤᠯᠴᠤᠳ ᠤᠨ ᠪᠠᠷᠠᠭᠤᠨ ᠳᠠᠯ᠎ᠠ ᠶᠢ ᠳᠡᠬᠡᠳᠦᠯᠡᠬᠦ ᠶᠤᠰᠤ ᠲᠠᠢ ᠬᠤᠯᠪᠤᠭ᠎ᠠ ᠲᠠᠢ ᠠᠵᠢ᠃ ᠬᠠᠳᠠᠮ᠂ ᠪᠠᠷᠢ ᠶᠢᠨ ᠬᠤᠭᠤᠷᠤᠨᠳᠤ ᠶᠢᠨ ᠬᠠᠷᠢᠯᠴᠠᠭᠠᠨ ᠳᠤ ᠨᠡᠶᠢᠳᠡᠯᠢᠭ ᠬᠡᠪᠰᠢᠯ ᠪᠤᠯᠤᠭᠰᠠᠨ ᠦᠬᠡᠷ᠎ᠡ ᠨᠢᠬᠡᠨ ᠶᠤᠰᠤ ᠬᠡᠪᠡᠯ ᠪᠡᠷᠢ᠂ ᠬᠠᠳᠠᠮ ᠡᠴᠢᠬᠡ᠂ ᠡᠬᠡ᠂ ᠠᠬ᠎ᠠ ᠨᠡᠷ ᠤᠨ ᠨᠡᠷ᠎ᠡ ᠶᠢ ᠴᠡᠬᠡᠷᠯᠡᠵᠤ᠂ ᠪᠦᠬᠦ ᠬᠡᠤᠬᠡᠳ ᠤᠳ ᠤᠨ ᠠᠳᠠᠯᠢ ᠠᠪᠤᠭᠠᠶᠢᠯᠠᠨ ︵ᠠᠪᠠᠭᠠᠶᠢᠯᠠᠨ︶ ᠨᠡᠷᠡᠯᠡᠳᠡᠭ ᠶᠤᠰᠤ ᠶᠤᠮ᠃ ᠬᠠᠳᠠᠮ ᠡᠴᠢᠬᠡ ᠨᠢ ︽ᠢᠷᠤᠬᠡᠯᠳᠤ︾ ᠬᠡᠳᠡᠭ ᠨᠡᠷ᠎ᠡ  ᠲᠠᠢ ᠪᠤᠯ ᠢᠷᠦᠬᠡᠯ ᠬᠡᠳᠡᠭ ᠦᠬᠡ ᠶᠢ ᠬᠡᠵᠢᠶ᠎ᠡ ᠴᠤ ᠬᠡᠯᠡᠬᠦ ᠦᠬᠡᠢ ᠪᠠᠶᠢᠬᠤ᠃ ᠬᠠᠳᠠᠮ ᠡᠬᠡ ︽ᠠᠯᠠᠭ ᠡ︾ ᠬᠡᠳᠡᠭ ᠨᠠᠷ᠎ᠠ ᠲᠠᠢ ᠪᠠᠶᠢᠯ᠎ᠠ ᠬᠡᠬᠦ ᠳᠤ ᠳᠡᠬᠦᠨ ᠤ ᠨᠠᠷ᠎ᠠ ᠪᠠᠷ ᠨᠡᠷᠡᠯᠡᠬᠦ ᠦᠬᠡᠢ ᠠᠯᠠᠭ ᠬᠡᠳᠡᠭ ᠦᠬᠡ ᠶᠢ ᠴᠡᠬᠡᠷᠯᠡᠵᠤ ᠴᠤᠬᠤᠷ ᠬᠡᠵᠤ ᠨᠠᠷᠡᠯᠡᠬᠦ ᠵᠢᠱᠢᠶ᠎ᠠ ᠲᠠᠢ᠃ ᠪᠠᠷᠢ᠂ ᠬᠠᠳᠠᠮ ᠡᠴᠢᠬᠡ ᠶᠢᠨ ᠳᠤ ᠤᠷᠤᠭᠠᠳ ︽ᠰᠠᠭᠤ︕︾ ᠬᠡᠬᠦ ᠠᠴᠠ ᠡᠮᠤᠨ᠎ᠡ ᠳᠤᠷ᠎ᠠ ᠮᠡᠳᠡᠨ ᠰᠠᠭᠤᠬᠤ ᠦᠬᠡᠢ᠂ ︽ᠬᠦᠤ ᠮᠢᠨᠢ ᠰᠠᠭᠤ︕︾ ᠬᠡᠬᠦ ᠪᠠᠷ ᠨᠢ ᠬᠡᠷ ᠤᠨ ᠵᠡᠬᠦᠨ ᠳᠠᠯ᠎ᠠ ᠳᠤ᠂ ᠬᠠᠳᠠᠮ ᠡᠬᠡ ᠶᠢᠨ ᠳᠤᠤᠷᠠᠳᠤ ᠳᠠᠯ᠎ᠠ ᠳᠤ ᠰᠠᠭᠤᠳᠠᠭ ᠶᠤᠰᠤ ᠲᠠᠢ ᠠᠵᠢ᠃ ᠬᠠᠳᠠᠮ ᠳᠤ ᠤᠴᠢᠭᠰᠠᠨ ᠬᠦᠤ ᠬᠦᠮᠦᠨ ᠭᠤᠷᠪᠠᠨ ᠵᠢᠯ ᠪᠤᠯᠳᠠᠯ᠎ᠠ ᠦᠪᠡᠷ ᠤᠨ ᠡᠴᠢᠬᠡ ᠶᠢᠨ ᠬᠡᠷ ᠲᠤ ᠤᠴᠢᠬᠤ ᠶᠤᠰᠤ ᠪᠠᠶᠢᠭᠰᠠᠨ ᠦᠬᠡᠢ᠃ ᠬᠠᠳᠠᠮ ᠳᠤ ᠤᠴᠢᠭᠰᠠᠨ ᠪᠡᠷᠢ ᠶᠢᠨ ᠡᠷᠬᠡ ᠮᠡᠳᠡᠯ ᠳᠤᠬᠠᠢ ᠶᠢᠨ ᠬᠡᠷ ᠪᠦᠯᠢ᠂ ᠠᠵᠤ ᠪᠠᠶᠢᠳᠠᠯ ᠳᠤ ᠦᠷ᠎ᠡ ᠬᠡᠤᠬᠡᠳ ᠳᠦᠷᠦᠬᠦᠯᠦᠭᠰᠡᠨ ᠤ ᠬᠤᠶᠢᠨ᠎ᠠ ᠨᠡᠯᠢᠶᠡᠳ ᠪᠠᠳᠤᠵᠢᠵᠤ᠂ ᠨᠠᠮᠡᠭᠳᠡᠳᠡᠭ ᠪᠠᠶᠢᠵᠠᠢ᠃ ᠵᠢᠱᠢᠶᠠᠯᠡᠪᠡᠯ᠂ ᠵᠠᠷᠢᠮ ᠨᠤᠳᠤᠭ ᠢᠶᠠᠷ ᠰᠢᠨ᠎ᠡ ᠪᠠᠷᠢ ᠦᠷᠯᠦᠬᠡ ᠪᠦᠷᠢ ᠳᠡᠷᠡ ᠡᠳᠤᠷ ᠴᠢᠨᠠᠬᠤ ᠬᠠᠭᠤᠷᠠᠢ ᠴᠠᠢ ᠬᠠᠳᠠᠮ ᠤᠨ ᠬᠢ ᠠᠴᠠ ᠠᠪᠬᠤ ᠪᠦᠭᠡᠳ ᠲᠡᠶᠢᠨᠬᠦ ᠴᠠᠢ ᠭᠤᠶᠤᠬᠤ ᠳᠠᠭᠠᠨ ᠤᠭᠤᠷ ᠢᠶᠠᠨ ᠬᠤᠳᠠᠨ ᠳᠤᠳᠤᠷ᠎ᠠ ᠳᠠᠯᠪᠢᠴᠢᠬᠠᠭᠠᠳ ᠬᠠᠳᠠᠮ ᠡᠬᠡ ᠶᠢ ᠴᠠᠢ ᠬᠢᠭᠰᠡᠨ ᠬᠤᠶᠢᠨ᠎ᠠ ᠨᠢ ᠠᠪᠳᠠᠭ ᠶᠤᠰᠤ ᠴᠤ ᠪᠠᠶᠢᠭᠰᠠᠨ ᠪᠠᠶᠢᠨ᠎ᠠ᠃ ᠬᠠᠷᠢᠨ ᠦᠷ᠎ᠡ ᠬᠡᠤᠬᠡᠳ ᠳᠦᠷᠦᠬᠦᠯᠵᠤ ᠪᠠᠶᠢᠵᠤ ᠬᠡᠷ ᠪᠦᠯᠢ — ᠠᠵᠤ ᠠᠬᠤᠢ ᠳᠤ ᠵᠤᠬᠢᠬᠤ ᠮᠡᠳᠡᠯ ᠲᠠᠢ ᠪᠤᠯᠵᠤ ᠤᠯᠠᠮ ᠢᠶᠠᠷ ᠬᠡᠷ ᠠᠬᠤᠢ ᠪᠠᠨ ᠪᠠᠶᠠᠴᠢᠯᠡᠨ ᠬᠦᠳᠦᠯᠬᠦ ᠪᠤᠯᠳᠠᠭ᠃ ᠤᠯᠠᠨ ᠬᠡᠤᠬᠡᠳ ᠲᠠᠢ ᠡᠮᠡᠭᠳᠡᠢ ᠬᠡᠷ ᠤᠨ ᠳᠤᠳᠤᠷ᠎ᠠ ᠳᠡᠳᠦᠢ ᠦᠬᠡᠢ᠂ ᠠᠶᠢᠯ ᠰᠠᠭᠠᠬᠠᠯᠳᠠ ᠨᠤᠳᠤᠭ ᠤᠰᠤᠨ ᠳᠠᠭᠠᠨ ᠬᠦᠨᠳᠤᠳᠡᠢ ᠪᠠᠶᠢᠬᠤ ᠶᠢᠨ ᠬᠠᠮᠳᠤ ᠦᠷ᠎ᠡ ᠬᠡᠤᠬᠡᠳ ᠤᠳ ᠨᠢ ᠬᠦᠨᠳᠤᠯᠡᠵᠤ᠂ ᠠᠰᠠᠷᠠᠵᠤ ᠶᠠᠪᠤᠳᠠᠭ ᠤᠯᠠᠮᠵᠢᠯᠠᠯ ᠠᠷᠣ ᠬᠠᠯᠬ᠎ᠠ ᠳᠠᠶᠠᠭᠠᠷ ᠨᠡᠶᠢᠳᠡᠯᠢᠭ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号