ᠮᠣᠩᠭᠤᠯᠴᠤᠳ ᠤᠨ ᠥᠮᠴᠢ ᠥᠭᠬᠦ ᠶᠣᠰᠤᠨ
ᠨᠡᠶᠢᠲᠡᠯᠡᠭᠰᠡᠨ ᠴᠠᠭ᠄
2019/11/8
ᠦᠪ ᠬᠦᠷᠦᠩᠬᠡ ᠪᠤᠯᠪᠠᠰᠤ ᠡᠷᠬᠢᠯᠡᠨ ᠢᠷᠡᠭᠰᠡᠨ ᠦᠨᠳᠤᠰᠤᠨ ᠠᠵᠤ ᠠᠬᠤᠢ ᠪᠤᠯᠬᠤ ᠮᠠᠯ ᠰᠦᠷᠦᠭ ᠪᠤᠯᠵᠤ ᠪᠠᠶᠢᠵᠠᠢ ᠃ ᠦᠮᠴᠢ ᠬᠦᠷᠤᠩᠬᠡ ᠶᠢ ᠤᠯᠠᠮᠵᠢᠯᠡᠨ ᠢᠷᠡᠭᠰᠡᠨ ᠬᠡᠪ ᠵᠠᠩᠰᠢᠯ ᠤᠨ ᠳᠠᠭᠠᠤ ᠦᠪᠯᠡᠬᠦ ᠳᠤ ᠨᠤᠶᠠᠳ᠂ ᠳᠦᠰᠢᠮᠡᠳ᠂ ᠬᠠᠷᠠᠴᠤ ᠠᠷᠠᠳ ᠢᠯᠭᠠᠯ ᠦᠬᠡᠢ ᠪᠠᠶᠢᠵᠠᠢ᠃ ᠡᠴᠢᠬᠡ ᠶᠢᠨ ᠦᠪ ᠬᠦᠷᠦᠩᠬᠡ ᠶᠢ ᠨᠠᠰᠤ ᠪᠠᠷᠠᠭᠰᠠᠨ ᠠᠴᠠ ᠬᠤᠶᠢᠰᠢ ᠦᠪᠯᠡᠬᠦ ᠠᠴᠠ ᠭᠠᠳᠠᠨ᠎ᠠ ᠡᠴᠢᠬᠡ ᠠᠮᠢᠳᠤ ᠠᠬᠤᠢ ᠳᠠᠭᠠᠨ ᠬᠡᠤᠬᠡᠳ ᠤᠳ ᠲᠡᠭᠡᠨ ᠡᠷᠦᠬᠡ ᠳᠠᠰᠤᠷᠠᠬᠤ ᠳᠤᠬᠢᠶᠠᠯᠳᠤᠯ ᠳᠤ ᠦᠮᠴᠢ ᠬᠦᠷᠦᠩᠬᠡ ᠬᠤᠪᠢᠳᠠᠵᠤ ᠤᠯᠭᠤᠬᠤ ᠶᠤᠰᠤ ᠪᠠᠶᠢᠭᠰᠠᠨ ᠠᠵᠢ᠃ ᠡᠷᠦᠬᠡ ᠬᠡᠷ ᠳᠠᠰᠤᠷᠠᠵᠤ ᠬᠡᠷ ᠪᠦᠯᠢ ᠪᠤᠯᠤᠭᠰᠠ ᠬᠦᠤ᠂ ᠬᠡᠤᠬᠡᠨ ᠳᠡᠭᠡᠨ ︽ᠦᠮᠴᠢ ᠦᠭᠬᠦᠨ᠎ᠡ︾ ᠬᠡᠮᠡᠨ ᠭᠤᠤᠯ ᠳᠦᠯᠦᠪ ᠠᠳᠤᠭᠤ ᠮᠠᠯ ᠬᠤᠪᠢ ᠳᠠᠰᠤᠯᠤᠨ ᠦᠭᠳᠡᠭ ᠵᠠᠩᠰᠢᠯ ᠲᠠᠢ ᠪᠠᠶᠢᠭᠰᠠᠨ᠃ ︽ᠦᠮᠴᠢ ᠦᠭᠬᠦ︾ ᠰᠠᠶᠢᠬᠠᠨ ᠪᠡᠯᠬᠡ ᠲᠠᠢ ᠡᠳᠤᠷ ᠳᠤᠭᠳᠠᠭᠠᠵᠤ᠂ ᠬᠦᠷᠦᠩᠬᠡ ᠴᠢᠨᠡᠬᠡᠨ ᠤ ᠬᠢ ᠪᠠᠨ ᠬᠢᠷᠢ ᠪᠠᠷ ᠦᠮᠴᠢ ᠳᠠᠰᠤᠯᠵᠤ ᠦᠭᠳᠡᠭ ᠪᠠᠶᠢᠵᠠᠢ᠃ ᠡᠨᠡ ᠦᠮᠴᠢ ᠦᠭᠬᠦ ᠬᠡᠪ ᠵᠠᠩᠰᠢᠯ ᠨᠢ ᠬᠦᠤ ᠬᠡᠷᠯᠡᠬᠦᠯᠬᠦ ᠪᠤᠯᠤᠨ ᠦᠬᠢᠨ ᠢᠶᠠᠨ ᠬᠠᠳᠠᠮ ᠳᠤ ᠭᠠᠷᠭᠠᠬᠤ ᠶᠤᠰᠤ᠂ ᠵᠠᠩᠰᠢᠯ ᠲᠠᠢ ᠬᠤᠯᠪᠤᠭ᠎ᠠ ᠲᠠᠢ ᠪᠤᠯᠪᠠᠴᠤ ᠬᠦᠤ ᠳᠤ ᠳᠦᠬᠦᠬᠡᠷᠦᠭᠰᠡᠨ ᠨᠡᠷ᠎ᠡ᠂ ᠦᠬᠢᠨ ᠳᠤ ᠪᠡᠯᠡᠳᠬᠡᠭᠰᠡᠨ ᠢᠨᠵᠢ ᠠᠴᠠ ᠳᠤᠰᠬᠠᠢ ᠶᠠᠪᠤᠭᠳᠠᠳᠠᠭ ᠪᠠᠶᠢᠵᠠᠢ᠃ ᠬᠡᠷ ᠪᠦᠯᠢ ᠪᠤᠯᠤᠭᠰᠠᠨ ᠬᠤᠶᠠᠷ ᠵᠠᠯᠠᠭᠤ ᠡᠴᠢᠬᠡ᠂ ᠡᠬᠡ ᠶᠢᠨ ᠦᠮᠴᠢ ᠦᠭᠬᠦ ᠪᠠᠷ ᠳᠤᠭᠳᠠᠭᠰᠠᠨ ᠡᠳᠤᠷ ᠨᠢ ᠢᠳᠡᠭᠡ᠂ ᠪᠤᠳᠠᠭ᠎ᠠ᠂ ᠠᠷᠢᠬᠢ᠂ ᠰᠠᠷᠬᠤᠳ ᠲᠠᠢ ᠬᠤᠶᠠᠷ ᠳᠠᠯ᠎ᠠ ᠶᠢᠨ ᠳᠦᠷᠬᠦᠮ ᠳᠡᠭᠡᠨ ᠠᠶᠢᠯᠴᠢᠯᠠᠨ ᠤᠴᠢᠭᠠᠳ ᠦᠮᠴᠢ ᠠᠪᠳᠠᠭ ᠠᠵᠢ᠃ ᠳᠤᠮᠳᠠ ᠵᠡᠷᠬᠡ ᠶᠢᠨ ᠬᠦᠷᠦᠩᠬᠡ ᠴᠢᠨᠡᠭᠡ ᠲᠠᠢ ᠠᠶᠢᠯ ᠡᠷᠦᠬᠡ ᠳᠤᠰᠠᠭᠠᠷᠯᠠᠭᠰᠠᠨ ᠬᠦᠤ ᠳᠡᠭᠡᠨ ᠤᠨᠠᠭ᠎ᠠ ᠳᠠᠭ᠎ᠠ ᠨᠡᠶᠢᠯᠡᠭᠰᠡᠨ ᠬᠤᠷᠢᠭᠠᠳ ᠠᠳᠤᠭᠤ ᠦᠭᠬᠦ ᠵᠢᠱᠢᠶ᠎ᠡ  ᠲᠠᠢ ᠪᠤᠯ᠂ ᠦᠬᠢᠨ ᠳᠠᠭᠠᠨ ᠨᠢᠬᠡ ᠤᠨᠤᠬᠤ ᠮᠤᠷᠢ ᠪᠦᠷᠢᠨ ᠬᠡᠷᠡᠭᠰᠡᠯ ᠤᠨ ᠬᠠᠮᠳᠤ᠂ ᠳᠠᠪᠢᠭᠠᠳ ᠬᠤᠨᠢ᠂ ᠪᠤᠳᠠ  ᠠᠴᠠ ᠬᠡᠷ ᠤᠨ ᠬᠡᠰᠢᠬᠦᠳ ᠲᠡᠭᠡᠨ ᠬᠤᠪᠢᠶᠠᠭᠠᠳ᠂ ᠳᠡᠬᠦᠨ ᠳᠤ ᠨᠤᠭᠳᠠᠬᠤ ᠶᠢ ᠦᠭᠳᠡᠭ ᠪᠠᠶᠢᠭᠰᠠᠨ ᠪᠦᠬᠡᠳ ᠭᠤᠤᠯ ᠳᠦᠯᠦᠪ ᠳᠡᠪᠤᠨ ᠬᠤᠰᠢᠭᠤ ᠮᠠᠯ ᠪᠠᠭᠳᠠᠭᠰᠠᠨ ᠦᠮᠴᠢ ᠦᠭᠳᠡᠭ ᠤᠯᠠᠮᠵᠢᠯᠠᠯ ᠲᠠᠢ ᠢᠷᠡᠵᠡᠢ᠃ ᠦᠬᠢᠨ ᠳᠤ ᠦᠭᠬᠦ ᠦᠮᠴᠢᠨ ᠠᠴᠠ ᠤᠨᠤᠬᠤ ᠮᠤᠷᠢ᠂ ᠰᠠᠭᠠᠯᠢ ᠶᠢᠨ ᠦᠨᠢᠶ᠎ᠡ᠂ ᠠᠴᠢᠶᠡᠯᠠᠬᠤ ᠳᠡᠮᠡᠭᠡ ᠶᠢ ᠤᠷᠢᠳᠴᠢᠯᠠᠨ ︽ᠬᠡᠷ ᠰᠠᠯᠭᠠᠬᠤ︾ ᠳᠤ ᠦᠭᠴᠤ ᠶᠠᠪᠤᠭᠤᠯᠳᠠᠭ᠃ ᠬᠦᠤ ᠳᠠᠯ᠎ᠠ ᠪᠡᠷᠢ ᠶᠢᠨ ᠦᠮᠴᠢᠨ ᠳᠤ ᠢᠷᠡᠭᠰᠡᠨ ︽ᠤᠨᠤᠯᠭ᠎ᠠ ᠶᠢᠨ ᠮᠤᠷᠢ︾ ᠶᠢ ᠰᠦᠷᠦᠭ ᠲᠡᠭᠡᠨ ᠦᠯᠡᠳᠡᠬᠡᠬᠦ ᠳᠤᠷ᠎ᠠ ᠦᠬᠡᠢ᠂ ᠬᠡᠳᠤ ᠬᠤᠨᠤᠭᠤᠯᠤᠭᠠᠳ ᠠᠷᠠᠯᠵᠢᠬᠤ ᠶᠤᠰᠤᠨ ᠪᠠᠶᠢᠭᠰᠠᠨ ᠪᠠᠶᠢᠨ᠎ᠠ᠃ ᠤᠴᠢᠷ ᠨᠢ ᠠᠯᠢᠪᠠ ᠳᠤᠬᠢᠶᠠᠯᠳᠤᠯ ᠳᠤ ᠪᠡᠷᠢ ᠪᠠᠨ ᠳᠦᠷᠬᠦᠮ ᠳᠡᠭᠡᠨ ᠪᠤᠴᠠᠭᠠᠳ ᠶᠠᠪᠤᠴᠢᠬᠠᠬᠤ ᠠᠴᠠ ᠴᠡᠬᠡᠷᠯᠡᠵᠤ ᠳᠡᠶᠢᠨᠬᠦ ᠤᠨᠤᠯᠭ᠎ᠠ ᠶᠢᠨ ᠮᠤᠷᠢ ᠶᠢ ᠰᠦᠷᠦᠭ ᠲᠡᠭᠡᠨ ᠦᠯᠡᠳᠡᠬᠡᠬᠦ ᠦᠬᠡᠢ ᠶᠢ ᠬᠢᠴᠢᠶᠡᠳᠡᠭ ᠶᠤᠰᠤ ᠪᠠᠶᠢᠵᠠᠢ᠃ ᠡᠷᠦᠬᠡ ᠬᠡᠷ ᠤᠨ ᠭᠠᠯ ᠭᠤᠯᠤᠮᠳᠠ᠂ ᠪᠤᠷᠬᠠᠨ ᠰᠢᠳᠦᠬᠡᠨ ᠡᠷᠳᠡ ᠴᠠᠭ ᠠᠴᠠ ᠤᠯᠠᠮᠵᠢᠯᠠᠭᠳᠠᠨ ᠵᠠᠩᠰᠢᠭᠰᠠᠨ ᠬᠡᠪ ᠬᠠᠤᠯᠢ᠂ ᠬᠡᠪ ᠵᠠᠩᠰᠢᠯ ᠤᠨ ᠶᠤᠰᠤᠭᠠᠷ ᠤᠳᠬᠤᠨ ᠬᠦᠤ ᠳᠤ ᠦᠪᠯᠡᠭᠳᠡᠳᠡᠭ ᠪᠠᠶᠢᠵᠠᠢ᠃ ᠵᠠᠷᠢᠮ ᠨᠤᠳᠤᠭ ᠢᠶᠠᠷ ᠤᠳᠬᠠᠨ ᠬᠦᠤ ᠶᠢᠨ ᠵᠡᠷᠬᠡᠴᠡᠭᠡ ᠭᠠᠯ ᠭᠤᠯᠤᠮᠳᠠ᠂ ᠪᠤᠷᠬᠠᠨ ᠰᠢᠳᠦᠬᠡᠨ ᠢ ︽ᠭᠠᠯ ᠤᠨ ᠵᠢᠬᠡ︾ ᠦᠪᠯᠡᠬᠦ ᠵᠠᠩᠰᠢᠯ ᠪᠠᠶᠢᠭᠰᠠᠨ ᠪᠤᠯᠤᠯᠳᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号