ᠮᠣᠩᠭᠤᠯᠴᠤᠳ ᠤᠨ ᠡᠷᠦᠬᠡ ᠬᠡᠷ ᠠᠬᠤᠢ ᠶᠢᠨ ᠶᠣᠰᠤᠨ
ᠨᠡᠶᠢᠲᠡᠯᠡᠭᠰᠡᠨ ᠴᠠᠭ᠄
2019/11/8
ᠡᠳᠤᠷ ᠳᠤᠳᠤᠮ ᠤᠨ ᠠᠮᠢᠳᠤᠷᠠᠯ ᠤᠨ ᠭᠤᠤᠯ ᠬᠦᠰᠢᠬᠦᠷᠭᠡ ᠪᠤᠯᠤᠭᠰᠠᠨ ᠮᠠᠯ ᠠᠵᠤ ᠠᠬᠤᠢ ᠬᠦᠳᠦᠯᠬᠦ ᠦᠢᠯᠡ ᠠᠵᠢᠯᠯᠠᠭ᠎ᠠ ᠨᠢ ᠡᠷᠦᠬᠡ ᠬᠡᠷ ᠤᠨ ᠳᠤᠳᠤᠷ᠎ᠠ᠂ ᠳᠡᠬᠦᠨ ᠤ ᠬᠡᠰᠢᠬᠦᠳ ᠤᠨ ᠬᠠᠷᠢᠯᠴᠠᠭᠠᠨ ᠳᠠᠬᠢ ᠳᠢᠭ ᠵᠢᠷᠦᠮ᠂ ᠶᠤᠰᠤ ᠭᠤᠷᠢᠮ ᠳᠤ ᠵᠤᠬᠢᠬᠤ ᠳᠤᠰᠬᠠᠯ ᠢᠶᠠᠨ ᠤᠯᠵᠤ ᠳᠤᠳᠤᠷᠬᠠᠢ ᠬᠡᠪ ᠵᠠᠩᠰᠢᠯ᠂ ᠵᠠᠩ ᠦᠢᠯᠡ ᠪᠠᠷ ᠢᠯᠡᠷᠡᠨ ᠬᠦᠢᠴᠡᠳᠬᠡᠭᠳᠡᠵᠤ ᠪᠠᠶᠢᠵᠠᠢ᠃ ᠠᠷᠣ ᠬᠠᠯᠬᠠᠴᠤᠳ ᠤᠨ ᠳᠤᠮᠳᠠ ᠤᠯᠠᠮᠵᠢᠯᠠᠭᠳᠠᠨ ᠢᠷᠡᠭᠰᠡᠨ ᠦᠮᠴᠢ ᠬᠦᠷᠦᠩᠬᠡ ᠦᠪᠯᠡᠬᠦ ᠬᠡᠪ ᠵᠠᠩᠰᠢᠯ ᠪᠤᠯ ᠨᠡᠩ ᠡᠷᠳᠡᠨ ᠤ ᠬᠡᠪ ᠬᠠᠤᠯᠢ ᠶᠢᠨ ᠤᠯᠪᠠᠭ᠎ᠠ ᠪᠤᠯᠵᠤ ᠪᠠᠶᠢᠵᠠᠢ᠃ ᠡᠷᠦᠬᠡ ᠬᠡᠷ ᠤᠨ ᠳᠡᠷᠢᠬᠦᠯᠡᠭᠴᠢ ᠡᠴᠢᠬᠡ ᠨᠢ ᠪᠦᠬᠦ ᠦᠪ ᠬᠦᠷᠦᠩᠬᠡ ᠶᠢᠨ ᠡᠵᠡᠨ ᠪᠤᠯᠵᠤ ᠶᠠᠪᠤᠭᠰᠠᠨ ᠪᠦᠬᠡᠳ ᠡᠴᠢᠬᠡ ᠶᠢᠨ ᠨᠠᠰᠤ ᠪᠠᠷᠠᠭᠰᠠᠨ ᠤ ᠳᠠᠷᠠᠭ᠎ᠠ ᠤᠤᠭᠠᠨ ︵ᠠᠬᠠᠮᠠᠳ︶ ᠬᠦᠤ ᠳᠡᠷᠡ ᠡᠷᠦᠬᠡ ᠬᠡᠷ ᠤᠨ᠂ ᠡᠴᠢᠬᠡ ᠶᠢᠨ ᠦᠪ ᠬᠦᠷᠦᠩᠬᠡ ᠶᠢ ᠵᠠᠯᠭᠠᠮᠵᠢᠯᠠᠬᠤ ᠡᠷᠬᠡ ᠪᠦᠬᠦᠢ ᠭᠤᠤᠯ ᠬᠦᠮᠦᠨ ᠪᠤᠯᠳᠠᠭ ᠶᠤᠰᠤ ᠲᠠᠢ ᠪᠠᠶᠢᠵᠠᠢ᠃ ᠳᠡᠶᠢᠮᠤ ᠳᠤ ᠡᠴᠢᠬᠡ ᠶᠢᠨ ᠦᠪ ᠬᠦᠷᠦᠩᠬᠡ ᠶᠢᠨ ᠳᠠᠩ ᠬᠠᠭᠠᠰ ᠢ ᠪᠤᠰᠤᠳ ᠦᠷ᠎ᠡ ᠬᠡᠤᠬᠡᠳ ᠤᠳ ᠨᠢ ᠬᠤᠪᠢᠶᠠᠵᠤ ᠠᠪᠳᠠᠭ ᠪᠠᠶᠢᠵᠠᠢ᠃ ᠬᠠᠷᠢᠨ ᠡᠷ᠎ᠡ ᠨᠦᠬᠦᠷ ᠨᠢ ᠨᠠᠰᠤ ᠪᠠᠷᠠᠭᠠᠳ ᠦᠪ ᠬᠦᠷᠦᠩᠬᠡ ᠦᠮᠴᠢᠯᠡᠬᠦ ᠦᠷ᠎ᠡ ᠬᠡᠤᠬᠡᠳ ᠦᠬᠡᠢ ᠳᠤᠬᠢᠶᠠᠯᠳᠤᠯ ᠳᠤ ᠤᠭ ᠡᠷᠦᠬᠡ ᠶᠢᠨ ᠪᠦᠬᠦ ᠮᠠᠯ᠂ ᠬᠦᠷᠦᠩᠬᠡ ᠡᠬᠡᠨᠡᠷ ᠲᠤ ᠨᠢ ᠦᠯᠡᠳᠡᠳᠡᠭ ᠪᠠᠶᠢᠭᠰᠠᠨ ᠠᠵᠢ᠃ ᠴᠢᠩᠬᠢᠰ ᠤᠨ ︽ᠶᠡᠭᠡ ᠵᠠᠰᠠᠭ︾ ᠬᠠᠤᠯᠢ ᠳᠤ ᠳᠡᠳᠡᠪᠤᠷᠢ ᠡᠮ᠎ᠡ ᠠᠴᠠ ᠳᠦᠷᠦᠭᠰᠡᠨ ᠬᠡᠤᠬᠡᠳ ᠬᠠᠤᠯᠢ ᠶᠤᠰᠤᠨ ᠳᠤ ᠳᠤᠭᠠᠴᠠᠭᠳᠠᠵᠤ ᠡᠴᠢᠬᠡ ᠶᠢᠨ ᠵᠢᠭᠠᠨ ᠳᠤᠭᠳᠠᠭᠠᠭᠰᠠᠨ ᠢᠶᠠᠷ ᠬᠦᠷᠦᠩᠬᠡ ᠶᠢ ᠬᠤᠪᠢᠶᠠᠬᠤ ᠦᠶ᠎ᠡ ᠳᠤ ᠬᠤᠪᠢ ᠠᠪᠬᠤ ᠡᠷᠬᠡ ᠲᠠᠢ᠂ ᠠᠬᠠᠮᠠᠳ ᠬᠦᠪᠡᠬᠦᠳ ᠡᠴᠢᠬᠡ ᠶᠢᠨ ᠬᠡᠷ ᠪᠠᠷᠠᠭ᠎ᠠ ᠶᠢ ᠵᠠᠯᠭᠠᠮᠵᠢᠯᠠᠨ᠎ᠠ ᠬᠡᠵᠤ ᠵᠢᠭᠠᠭᠰᠠᠨ ᠪᠠᠶᠢᠳᠠᠭ᠃ ᠮᠦᠨ ᠮᠠᠨᠵᠤ ᠨᠠᠷ ᠮᠤᠩᠭᠤᠯ ᠳᠤ ᠨᠤᠶᠠᠷᠬᠠᠯ ᠢᠶᠠᠨ ᠳᠤᠭᠳᠠᠭᠠᠭᠠᠳ ᠮᠤᠩᠭᠤᠯᠴᠤᠳ ᠤᠨ ᠳᠤᠮᠳᠠ ᠪᠠᠶᠢᠭᠰᠠᠨ ᠬᠡᠪ ᠬᠠᠤᠯᠢ᠂ ᠬᠡᠪ ᠵᠠᠩᠰᠢᠯ ᠠᠴᠠ ᠨᠡᠯᠢᠶᠡᠳ ᠢ ᠠᠪᠴᠤ ᠬᠡᠷᠡᠭᠯᠡᠭᠰᠡᠨ ᠪᠦᠬᠡᠳ ᠳᠡᠳᠡᠬᠡᠷ ᠤᠨ ᠳᠤᠳᠤᠷ᠎ᠠ ᠦᠪᠯᠡᠬᠦ ᠡᠷᠬᠡ ᠶᠢᠨ ᠶᠤᠰᠤ᠂ ᠬᠡᠮ ᠬᠡᠮᠵᠢᠶᠡᠨ ᠤ ᠵᠢᠭᠠᠯᠳᠠ ᠤᠷᠤᠵᠤ ᠪᠠᠶᠢᠭᠰᠠᠨ ᠶᠤᠮ᠃ ᠳᠡᠶᠢᠮᠤ ᠠᠴᠠ ᠴᠤ ᠠᠷᠪᠠ ᠶᠢᠰᠦᠳᠦᠬᠡᠷ ᠵᠠᠭᠤᠨ ᠤ ᠰᠡᠬᠦᠯᠴᠢ ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ᠪᠤᠭᠳᠠ ᠬᠠᠭᠠᠨᠳᠤ ᠮᠤᠩᠭᠤᠯ ᠤᠯᠤᠰ ᠤᠨ ᠬᠠᠤᠯᠢ ᠴᠠᠭᠠᠵᠠᠨ ᠳᠤ ᠳᠡᠬᠡᠷᠡᠬᠢ ᠵᠢᠭᠠᠯᠳᠠ ᠪᠠᠷᠤᠭ ᠦᠬᠡᠷᠡᠴᠢᠯᠡᠭᠳᠡᠭᠡ ᠦᠬᠡᠢ ᠤᠷᠤᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号