ᠮᠣᠩᠭᠤᠯᠴᠤᠳ ᠤᠨ ᠭᠡᠷ ᠤᠨ ᠰᠠᠭᠤᠳᠠᠯ ᠤᠨ ᠶᠣᠰᠤᠨ
ᠨᠡᠶᠢᠲᠡᠯᠡᠭᠰᠡᠨ ᠴᠠᠭ᠄
2019/11/8
ᠬᠡᠷ ᠤᠨ ᠡᠵᠡᠨ ᠤ ᠰᠠᠭᠤᠳᠠᠯ ᠳᠤ ᠤᠯᠪᠤᠭ᠂ ᠰᠢᠷᠳᠡᠭ ᠳᠠᠪᠢᠰᠦᠭᠰᠡᠨ ᠪᠠᠶᠢᠬᠤ ᠪᠦᠬᠡᠳ ᠡᠷᠦᠬᠡ ᠶᠢᠨ ᠳᠡᠷᠢᠬᠦᠯᠡᠭᠴᠢ ︽ᠵᠠᠪᠢᠯᠭ᠎ᠠ︾ ᠬᠡᠮᠡᠨ ᠨᠠᠷᠠᠯᠡᠭᠳᠡᠳᠡᠭ ᠰᠠᠭᠤᠳᠠᠯ ᠤᠨ ᠬᠡᠯᠪᠡᠷᠢ ᠪᠠᠷ ᠰᠠᠭᠤᠨ᠎ᠠ᠃ ᠬᠤᠶᠠᠷ ᠡᠪᠤᠳᠦᠭ ᠨᠤᠭᠤᠯᠤᠨ᠂ ᠦᠯᠮᠡᠢ ᠵᠦᠷᠢᠬᠦᠯᠵᠤ ᠬᠦᠯ ᠢ ᠳᠠᠷᠤᠵᠤ ᠰᠠᠭᠤᠬᠤ᠂ ᠮᠦᠨ ᠦᠯᠮᠡᠢ ᠪᠠᠷ ᠵᠦᠷᠢᠬᠦᠯᠳᠡᠭᠰᠡᠨ ᠬᠦᠯ ᠢ ᠳᠠᠷᠤᠬᠤ ᠦᠬᠡᠢ ᠪᠠᠷ ᠰᠠᠭᠤᠳᠠᠯ ᠤᠨ ᠬᠡᠰᠡᠭ ᠢᠶᠠᠷ ︵ᠦᠬᠡᠵᠡᠭ ᠢᠶᠠᠷ︶ ᠰᠢᠭᠤᠳ ᠰᠢᠷᠳᠡᠭ ᠲᠤ ᠳᠤᠯᠤᠨ ᠰᠠᠭᠤᠬᠤ ᠰᠠᠭᠤᠳᠠᠯ ᠶᠤᠮ᠃ ᠡᠨᠡ ᠵᠠᠪᠢᠯᠭ᠎ᠠ ᠰᠠᠭᠤᠳᠠᠯ ᠳᠤ ᠵᠦᠪᠬᠡᠨ ᠬᠡᠷ ᠤᠨ ᠡᠵᠡᠨ ᠳᠡᠳᠤᠢ ᠦᠬᠡᠢ ᠦᠨᠳᠤᠷ ᠨᠠᠰᠤᠳᠡᠨ᠂ ᠯᠠᠮᠠ ᠬᠤᠸᠠᠷᠠᠭ ᠳᠡᠷᠢᠬᠦᠳᠡᠨ ᠠᠶᠢᠯ ᠳᠤ ᠵᠤᠴᠢᠯᠠᠨ ᠵᠤᠴᠢᠳ ᠤᠨ ᠰᠠᠭᠤᠳᠠᠯ ᠳᠤ ᠰᠠᠭᠤᠬᠤ ᠳᠠᠭᠠᠨ ᠰᠠᠭᠤᠳᠠᠭ ᠤᠯᠠᠮᠵᠢᠯᠡᠯᠳᠤ ᠰᠠᠭᠤᠳᠠᠯ ᠪᠤᠯᠤᠨ᠎ᠠ᠃ ᠠᠷᠣ ᠬᠠᠯᠬ᠎ᠠ ᠶᠢᠨ ᠵᠠᠷᠢᠮ ᠨᠤᠳᠤᠭ ᠢᠶᠠᠷ ᠤᠭ ᠰᠠᠭᠤᠳᠠᠯ ᠢ ︽ᠵᠠᠮᠢᠯᠠᠭᠠᠢ︾᠂ ︽ᠵᠠᠪᠢᠯᠬᠤ︾ ᠬᠡᠵᠤ ᠨᠡᠷᠡᠯᠡᠳᠡᠭ ᠪᠠᠶᠢᠪᠠ᠃ ᠬᠡᠷ ᠤᠨ ᠡᠵᠡᠭᠳᠡᠢ ᠶᠢᠨ ᠰᠠᠭᠤᠳᠠᠯ ᠪᠤᠯᠤᠨ ᠬᠡᠷ ᠤᠨ ᠵᠡᠬᠦᠨ᠂ ᠪᠠᠷᠠᠭᠤᠨ ᠳᠠᠯ᠎ᠠ ᠳᠤ ᠰᠠᠭᠤᠬᠤ ᠬᠦᠮᠦᠰ ᠤᠨ ᠰᠠᠭᠤᠬᠤ ᠰᠠᠭᠤᠳᠠᠯ ᠨᠢ ᠮᠦᠨ ᠵᠠᠩᠰᠢᠯ ᠶᠤᠰᠤᠭᠠᠷ ᠳᠤᠳᠤᠷᠬᠠᠢ ᠪᠠᠶᠢᠵᠠᠢ᠃ ᠬᠡᠷ ᠤᠨ ᠪᠠᠷᠠᠭᠤᠨ᠂ ᠵᠡᠬᠦᠨ ᠳᠠᠯ᠎ᠠ ᠳᠤ ᠰᠠᠭᠤᠭᠴᠢᠳ ᠨᠢ ︽ᠴᠤᠮᠴᠤᠶᠢᠨ︾᠂ ︽ᠴᠤᠮᠪᠤᠶᠢᠨ︾ ︵ᠪᠤᠬᠢᠷᠬᠤ︶ ᠰᠠᠭᠤᠬᠤ ᠨᠢ ᠶᠤᠰᠤᠳᠠᠢ ᠠᠵᠢ᠃ ᠪᠠᠷᠠᠭᠤᠨ ᠳᠠᠯ᠎ᠠ ᠳᠤ ᠰᠠᠭᠤᠬᠤ ᠬᠦᠮᠦᠨ ᠵᠡᠬᠦᠨ ᠡᠪᠤᠳᠦᠭ ᠢ ᠪᠤᠬᠢᠷᠤᠨ ︵ᠨᠤᠭᠤᠯᠤᠨ︶ ᠳᠠᠷᠤᠵᠤ᠂ ᠪᠠᠷᠠᠭᠤᠨ ᠬᠦᠯ  ᠢᠶᠠᠨ ᠴᠤᠮᠴᠤᠶᠢᠯᠭᠠᠨ ᠰᠠᠭᠤᠨ᠎ᠠ᠃ ᠵᠡᠬᠦᠨ ᠳᠠᠯ᠎ᠠ ᠳᠤ ᠰᠠᠭᠤᠭ᠎ᠠ ᠪᠤᠯ ᠪᠠᠷᠠᠭᠤᠨ ᠡᠪᠤᠳᠦᠭ ᠢᠶᠠᠨ ᠨᠤᠭᠤᠯᠤᠨ ᠵᠡᠬᠦᠨ ᠬᠦᠯ ᠢᠶᠠᠨ ᠴᠤᠮᠴᠤᠶᠢᠯᠭᠠᠨ᠎ᠠ᠃ ᠡᠨᠡ ᠰᠠᠭᠤᠳᠠᠯ ᠢᠶᠠᠷ ᠬᠡᠷ ᠤᠨ ᠡᠵᠡᠭᠳᠡᠢ᠂ ᠡᠮᠡᠭᠳᠡᠶᠢᠴᠤᠳ᠂ ᠳᠦᠷᠤ ᠶᠢᠨ ᠬᠠᠷ᠎ᠠ ᠬᠦᠮᠦᠨ ᠪᠤᠯᠤᠨ ᠵᠠᠯᠠᠭᠤᠴᠤᠳ ᠰᠠᠭᠤᠳᠠᠭ ᠵᠠᠩᠰᠢᠯ ᠨᠠᠶᠢᠳᠠ ᠠᠷᠣ ᠬᠠᠯᠬ᠎ᠠ ᠳᠠᠶᠠᠭᠠᠷ ᠳᠦᠬᠡᠮᠡᠯ ᠳᠡᠯᠬᠡᠷᠡᠵᠡᠢ᠃ ᠬᠡᠷ ᠤᠨ ᠡᠵᠡᠨ᠂ ᠡᠵᠡᠭᠳᠡᠢ ᠪᠤᠯᠤᠨ᠂ ᠵᠤᠴᠢᠳ ᠬᠡᠶᠢᠴᠢᠳ ᠤᠨ ᠰᠠᠭᠤᠳᠠᠭ ᠡᠳᠡᠬᠡᠷ ᠰᠠᠭᠤᠳᠠᠯ ᠠᠴᠠ ᠭᠠᠳᠠᠨ᠎ᠠ ᠬᠡᠷ ᠲᠤ ᠰᠠᠭᠤᠬᠤ᠂ ᠳᠦᠷ ᠵᠠᠭᠤᠷ᠎ᠠ ᠰᠠᠭᠤᠬᠤ ᠬᠡᠳᠤ ᠬᠡᠳᠤᠨ ᠶᠠᠩᠵᠤ ᠶᠢᠨ ᠰᠠᠭᠤᠳᠠᠯ ᠪᠠᠶᠢᠵᠠᠢ᠃ ︽ᠬᠦᠯ ᠵᠢᠬᠢᠵᠤ ᠰᠠᠭᠤᠬᠤ︾ — ᠳᠠᠪᠢᠰᠬᠡᠷ᠂ ᠰᠢᠷᠳᠡᠭ ᠳᠡᠬᠡᠷ᠎ᠡ ᠬᠤᠶᠠᠷ ᠬᠦᠯ ᠢᠶᠠᠨ ᠰᠢᠯᠦᠭᠤᠨ ᠵᠢᠬᠢᠵᠤ᠂ ᠴᠢᠬᠡ ᠰᠠᠭᠤᠬᠤ ᠬᠡᠯᠪᠡᠷᠢ ᠶᠤᠮ᠃ ᠠᠷᠣ ᠬᠠᠯᠬ᠎ᠠ ᠳᠤ ᠡᠨᠡ ᠰᠠᠭᠤᠳᠠᠯ ᠢ ︽ᠠᠮᠠᠷᠠᠵᠤ ᠰᠠᠭᠤᠬᠤ︾ ᠰᠠᠭᠤᠳᠠᠯ ᠬᠡᠵᠤ ᠨᠡᠷᠡᠯᠡᠳᠡᠭ᠃ ᠳᠡᠶᠢᠮᠤ ᠠᠴᠠ ᠴᠤ ᠡᠨᠡ ᠰᠠᠭᠤᠬᠤ ᠬᠡᠯᠪᠡᠷᠢ ᠪᠠᠷ ᠶᠠᠩᠪᠠᠴᠢᠯᠠᠨ ᠨᠢᠯᠬ᠎ᠠ ᠬᠡᠤᠬᠡᠳ ᠢ ᠰᠠᠭᠤᠯᠭᠠᠳᠠᠭ ᠪᠠᠶᠢᠪᠠ᠃ ︽ᠰᠦᠬᠦᠷᠬᠦ ᠰᠠᠭᠤᠳᠠᠯ︾ — ᠬᠤᠶᠠᠷ ᠡᠪᠤᠳᠦᠭ ᠢᠶᠠᠨ ᠳᠤᠳᠤᠭᠰᠢ ᠨᠢ ᠨᠤᠭᠤᠯᠤᠨ ᠳᠠᠷᠤᠵᠤ ᠰᠠᠭᠤᠬᠤ ᠰᠠᠭᠤᠳᠠᠯ᠃ ᠬᠤᠰᠢᠭᠤ ᠨᠤᠶᠠᠳ᠂ ᠳᠦᠰᠢᠮᠡᠳ᠂ ᠶᠠᠬᠡᠰ ᠳᠡᠬᠡᠳᠤᠰ ᠤᠨ ᠦᠷᠬᠦᠬᠡ ᠬᠡᠷ ᠲᠤ ᠪᠤᠯᠤᠨ ᠳᠡᠳᠡᠨ ᠤ ᠳᠡᠷᠬᠡᠳᠡ ᠬᠠᠷᠠᠴᠤ ᠠᠷᠠᠳ ᠰᠦᠬᠦᠷᠦᠨ ᠰᠠᠭᠤᠬᠤ ᠶᠤᠰᠤ ᠪᠠᠶᠢᠭᠰᠠᠨ ᠪᠦᠬᠡᠳ ᠡᠬᠦᠨ ᠢ ᠬᠠᠮᠤᠭ ᠤᠨ ᠬᠦᠨᠳᠤᠳᠬᠡᠯ ᠢᠯᠡᠷᠬᠡᠶᠢᠯᠡᠭᠰᠡᠨ ᠰᠠᠭᠤᠳᠠᠯ ᠬᠡᠵᠤ ᠦᠵᠡᠳᠡᠭ ᠪᠠᠶᠢᠵᠠᠢ᠃ ᠳᠡᠶᠢᠮᠤ ᠠᠴᠠ ᠠᠶᠢᠯ ᠳᠤ ᠤᠷᠤᠭᠰᠠᠨ ᠬᠦᠮᠦᠨ ᠳᠤ ᠤᠯᠪᠤᠭ ᠳᠠᠯᠪᠢᠵᠤ ᠦᠭᠬᠦ ᠳᠤ ᠡᠬᠢᠯᠡᠨ ᠰᠦᠬᠦᠷᠴᠤ ᠰᠠᠭᠤᠵᠤ ᠪᠠᠶᠢᠭᠠᠳ ᠬᠡᠷ ᠤᠨ ᠡᠵᠡᠭᠳᠡᠢ ᠢ ᠴᠠᠢ ᠠᠶᠠᠭᠠᠯᠠᠨ ᠦᠭᠬᠦ ᠳᠤ ᠨᠢ ᠬᠤᠶᠠᠷ ᠭᠠᠷᠳᠠᠨ ᠠᠪᠴᠤ ᠡᠮᠤᠨ᠎ᠡ ᠪᠠᠨ ᠳᠠᠯᠪᠢᠴᠢᠬᠠᠭᠠᠳ ᠰᠠᠭᠤᠳᠠᠯ ᠢᠶᠠᠨ ᠰᠤᠯᠢᠨ ᠴᠤᠮᠴᠤᠶᠢᠬᠤ᠂ ᠵᠠᠪᠢᠯᠬᠤ ᠰᠠᠭᠤᠳᠠᠯ ᠢᠶᠠᠷ ᠰᠠᠭᠤᠬᠤ ᠤᠯᠠᠮᠵᠢᠯᠠᠯᠳᠤ ᠶᠤᠰᠤ ᠴᠤ ᠪᠠᠶᠢᠭᠰᠠᠨ ᠠᠵᠢ᠃ ︽ᠶᠠᠪᠠᠭᠠᠨ ᠰᠠᠭᠤᠬᠤ︾ — ᠡᠪᠤᠳᠦᠭ ᠢᠶᠠᠨ ᠨᠤᠭᠤᠯᠤᠨ ᠬᠤᠶᠠᠷ ᠬᠦᠯ ᠤᠨ ᠬᠤᠭᠤᠷᠤᠨᠳᠤ ᠵᠠᠢ ᠲᠠᠢ ᠪᠠᠷ ᠤᠯᠠ ᠳᠠᠬᠡᠷ᠎ᠡ ᠳᠤᠯᠭᠠᠭᠤᠷᠢᠯᠠᠨ ᠰᠠᠭᠤᠬᠤ ᠰᠠᠭᠤᠳᠠᠯ ᠶᠤᠮ᠃ ᠡᠨᠡ ᠰᠠᠭᠤᠳᠠᠯ ᠢ ︽ᠬᠠᠭᠠᠰ ᠪᠤᠰᠤᠭ᠎ᠠ ᠰᠠᠭᠤᠬᠤ︾ ᠴᠤ ᠬᠡᠵᠤ ᠨᠡᠷᠡᠯᠡᠳᠡᠭ᠃ ᠡᠶᠢᠮᠤ ᠰᠠᠭᠤᠳᠠᠯ ᠢᠶᠠᠷ ᠤᠷᠤᠨ ᠬᠡᠷ ᠲᠤ ᠰᠠᠭᠤᠬᠤ ᠶᠢ ᠵᠤᠬᠢᠰ ᠦᠬᠡᠢ ᠬᠡᠮᠡᠨ ᠦᠵᠡᠳᠡᠭ᠃ ︽ᠪᠦᠷᠬᠦᠳ ᠤᠨ ᠰᠠᠭᠤᠳᠠᠯ︾ — ᠠᠷᠣ ᠬᠠᠯᠬ᠎ᠠ ᠶᠢᠨ ᠵᠠᠷᠢᠮ ᠨᠤᠳᠤᠭ ᠲᠤ ᠶᠠᠪᠠᠭᠠᠨ ᠰᠠᠭᠤᠬᠤ ᠶᠢ ᠢᠩᠬᠢᠵᠤ ᠨᠡᠷᠡᠯᠡᠳᠡᠭ᠃ ᠪᠦᠷᠬᠦᠳ ᠤᠨ ᠰᠠᠭᠤᠳᠠᠯ ᠢ ᠢᠩᠬᠢᠵᠤ ᠨᠠᠷᠠᠯᠡᠳᠡᠭ᠃ ᠪᠦᠷᠬᠦᠳ ᠤᠨ ᠰᠠᠭᠤᠳᠠᠯ ᠨᠢ ᠶᠠᠪᠠᠭᠠᠨ ᠰᠠᠭᠤᠬᠤ  ᠲᠠᠢ ᠠᠳᠠᠯᠢ ᠪᠤᠯᠪᠠᠴᠤ ᠡᠪᠤᠳᠦᠭ ᠢᠶᠠᠷ ᠨᠤᠭᠤᠯᠤᠭᠰᠠᠨ ᠬᠤᠶᠠᠷ ᠬᠦᠯ ᠤᠨ ᠬᠤᠭᠤᠷᠤᠨᠳᠤ ᠵᠠᠢ ᠦᠬᠡᠢ᠂ ᠨᠡᠶᠢᠯᠡᠬᠦᠯᠵᠤ ᠰᠠᠭᠤᠳᠠᠭ ᠢᠶᠠᠷ ᠢᠶᠠᠨ ᠢᠯᠭᠠᠭ᠎ᠠ ᠲᠠᠢ ᠶᠤᠮ᠃ ᠡᠨᠡ ᠰᠠᠭᠤᠳᠠᠯ ᠨᠢ ᠳᠦᠷ ᠵᠠᠭᠤᠷ᠎ᠠ ᠰᠠᠭᠤᠬᠤ ᠬᠡᠯᠪᠡᠷᠢ ᠪᠤᠯᠤᠨ᠎ᠠ᠃ ︽ᠰᠦᠬᠦᠳᠬᠦ︾ — ᠬᠤᠶᠠᠷ ᠡᠪᠤᠳᠦᠭ ᠢᠶᠠᠷ ᠢᠶᠠᠨ ᠳᠤᠯᠤᠨ ᠪᠤᠬᠢᠷᠴᠤ᠂ ᠰᠦᠬᠦᠷᠤᠨ ᠰᠠᠭᠤᠬᠤ ᠰᠠᠭᠤᠳᠠᠯ ᠢ ᠨᠠᠷᠠᠯᠠᠨ᠎ᠠ᠃ ᠨᠤᠶᠠᠳ ᠳᠡᠬᠡᠳᠤᠰ ᠤᠨ ᠠᠮᠤᠷ ᠠᠮᠤᠭᠤᠯᠠᠩ ᠢ ᠠᠶᠢᠯᠠᠳᠬᠠᠨ ᠬᠦᠨᠳᠤᠳᠬᠡᠯ ᠦᠵᠡᠬᠦᠯᠵᠤ ︽ᠰᠦᠬᠦᠳᠦᠨ︾ ᠶᠤᠰᠤᠯᠠᠬᠤ ᠬᠡᠯᠪᠡᠷᠢ ᠶᠤᠮ᠃ ᠠᠷᠠᠳ ᠤᠯᠠᠨ ᠤ ᠳᠤᠮᠳᠠ ︽ᠰᠦᠬᠦᠳᠬᠦ︾ ᠰᠠᠭᠤᠳᠠᠯ ᠨᠢ ᠳᠠᠳᠦᠶᠢᠯᠡᠨ ᠤᠯᠠᠮᠵᠢᠯᠠᠭᠳᠠᠭ᠎ᠠ ᠦᠬᠡᠢ ᠪᠠᠶᠢᠨ᠎ᠠ᠃ ︽ᠬᠦᠯ ᠠᠴᠢᠬᠤ︾ — ᠡᠳ᠋ ᠶᠠᠭᠤᠮᠠᠨ ᠳᠡᠬᠡᠷ᠎ᠡ ᠰᠠᠨᠳᠠᠶᠢᠯᠠᠨ ᠰᠠᠭᠤᠵᠤ ᠨᠢᠬᠡ ᠬᠦᠯ ᠢᠶᠠᠨ ᠨᠦᠬᠦᠬᠡ ᠬᠦᠯ ᠳᠡᠬᠡᠷ᠎ᠡ ᠪᠠᠨ ᠳᠤᠬᠤᠨ ᠰᠠᠭᠤᠬᠤ ᠶᠢ ᠡᠶᠢᠨᠬᠦ ᠨᠠᠷᠠᠯᠡᠬᠦ ᠪᠦᠬᠡᠳ ᠠᠷᠣ ᠬᠠᠯᠬᠠᠴᠤᠳ ᠤᠨ ᠳᠤᠮᠳᠠ ᠬᠡᠪᠰᠢᠯ ᠪᠤᠯᠤᠭ᠎ᠠ ᠦᠬᠡᠢ ᠰᠠᠭᠤᠳᠠᠯ ᠶᠤᠮ᠃ ︽ᠰᠡᠬᠦᠵᠢᠯᠳᠡᠵᠤ ᠰᠠᠭᠤᠬᠤ︾ — ᠬᠦᠮᠦᠨ ᠪᠠᠶ᠎ᠠ ᠶᠢᠨ ᠠᠯᠢ ᠨᠢᠬᠡ ᠳᠠᠯ᠎ᠠ ᠪᠠᠷ ᠬᠠᠭᠠᠰ ᠬᠠᠵᠠᠭᠤᠯᠳᠠᠨ ᠰᠡᠬᠦᠵᠢ ᠬᠡᠰᠡᠭ ᠢᠶᠠᠷ ᠢᠶᠠᠨ ᠳᠠᠷᠤᠵᠤ᠂ ᠳᠡᠪᠢᠰᠬᠡᠷ ᠲᠤ ᠳᠤᠬᠤᠶᠢᠯᠳᠠᠨ ᠳᠤᠯᠵᠤ ᠰᠠᠭᠤᠬᠤ ᠬᠡᠯᠪᠡᠷᠢ᠃ ᠰᠡᠬᠦᠵᠢᠯᠳᠡᠬᠦ ᠨᠢ ᠬᠡᠷ ᠲᠤ ᠵᠤᠬᠢᠰ ᠦᠬᠡᠢ ᠳᠤ ᠳᠤᠭᠠᠴᠠᠭᠳᠠᠬᠤ ᠪᠠ ᠵᠠᠯᠠᠭᠤᠴᠤᠳ ᠳᠤᠮᠳᠠ ᠴᠡᠬᠡᠷᠯᠡᠬᠦ ᠶᠤᠰᠤᠨ ᠤ ᠨᠢᠬᠡ ᠪᠠᠶᠢᠪᠠ᠃ ᠡᠬᠦᠨ ᠲᠠᠢ ᠤᠶᠠᠯᠳᠤᠭᠤᠯᠤᠨ ᠡᠷᠦᠬᠡ ᠬᠡᠷ ᠤᠨ ᠬᠡᠰᠢᠬᠦᠳ ᠪᠤᠯᠤᠨ ᠭᠠᠳᠠᠨ᠎ᠠ ᠶᠢᠨ ᠵᠤᠴᠢᠳ ᠬᠡᠶᠢᠴᠢᠳ ᠤᠨ ᠬᠡᠷ ᠤᠷᠤᠨ ᠳᠤ ᠮᠦᠷᠳᠡᠵᠤ ᠤᠯᠠᠮᠵᠢᠯᠠᠭᠳᠠᠨ ᠢᠷᠡᠭᠰᠡᠨ ᠵᠠᠷᠢᠮ ᠬᠤᠷᠢᠭ᠎ᠠ ᠴᠡᠬᠡᠷ ᠠᠴᠠ ᠳᠤᠷᠠᠳᠪᠠᠯ᠄ ᠪᠠᠭᠠᠨ᠎ᠠ ᠳᠦᠰᠢᠵᠤ ᠵᠤᠭᠰᠤᠬᠤ᠂ ᠬᠠᠭᠠᠯᠭ᠎ᠠ ᠠᠯᠳᠠᠯᠠᠬᠤ᠂ ᠪᠤᠱᠤᠭᠠᠨ ᠳᠡᠬᠡᠷ᠎ᠡ ᠰᠠᠭᠤᠬᠤ᠂ ᠬᠢᠰᠬᠢᠬᠦ᠂ ᠳᠦᠯᠡᠬᠡᠨ ᠤ ᠠᠷᠤᠭ ᠰᠠᠨᠳᠠᠶᠢᠯᠠᠨ ᠰᠠᠭᠤᠬᠤ᠂ ᠶᠠᠪᠠᠭᠠᠨ ᠰᠠᠭᠤᠵᠤ ᠢᠳᠡᠵᠤ ᠤᠤᠭᠤᠬᠤ᠂ ᠭᠠᠷ ᠰᠠᠯᠭᠠᠪᠴᠢᠯᠠᠨ ᠬᠡᠪᠳᠡᠬᠦ᠂ ᠬᠦᠯ ᠠᠴᠢᠨ ᠬᠡᠪᠳᠡᠬᠦ᠂ ᠬᠡᠪᠳᠡᠭᠡ ᠪᠠᠷ ᠢᠳᠡᠵᠤ ᠤᠤᠭᠤᠬᠤ ᠶᠢ ᠴᠡᠬᠡᠷᠯᠡᠵᠤ ᠪᠠᠶᠢᠭᠰᠠᠨ ᠨᠢ ᠮᠤᠩᠭᠤᠯᠴᠤᠳ ᠤᠷᠤᠨ ᠬᠡᠷ ᠤᠨ ᠬᠢ ᠪᠠᠨ ᠳᠤᠳᠤᠷ᠎ᠠ ᠰᠠᠬᠢᠨ ᠪᠠᠷᠢᠮᠳᠠᠯᠠᠵᠤ ᠢᠷᠡᠭᠰᠡᠨ ᠬᠡᠪ ᠵᠠᠩᠰᠢᠯ᠂ ᠶᠤᠰᠤ ᠭᠤᠷᠢᠮ ᠪᠦᠬᠡᠳ ᠡᠳᠡᠬᠡᠷ ᠨᠢ ᠤᠭ ᠲᠠᠭᠠᠨ ᠤᠷᠤᠨ ᠬᠡᠷ᠂ ᠭᠠᠯ ᠭᠤᠯᠤᠮᠳᠠ ᠪᠠᠨ ᠳᠡᠬᠡᠳᠦᠯᠡᠬᠦ᠂ ᠦᠳᠡᠬᠦᠰ᠂ ᠠᠬᠠᠮᠠᠳ ᠨᠠᠰᠤᠳᠠᠨ ᠢᠶᠠᠨ ᠪᠤᠯᠤᠨ ᠨᠡᠶᠢᠬᠡᠮ ᠤᠨ ᠬᠡᠰᠢᠬᠦᠳ ᠬᠠᠷᠢᠯᠴᠠᠨ ᠪᠠᠶ᠎ᠠ ᠪᠠᠶ᠎ᠠ ᠪᠠᠨ ᠬᠦᠨᠳᠦᠳᠬᠡᠬᠦ‍ ᠳᠢᠭ ᠶᠤᠰᠤᠨ ᠤ ᠦᠨᠳᠤᠷ ᠰᠤᠶᠤᠯ ᠲᠠᠢ ᠪᠠᠶᠢᠭᠰᠠᠨ ᠢ ᠬᠠᠷᠠᠭᠤᠯᠵᠤ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号