ᠬᠡᠷ ᠲᠤ ᠰᠠᠭᠤᠬᠤ ᠰᠠᠭᠤᠳᠠᠯ ᠤᠨ ᠪᠠᠶᠢᠷᠢᠯᠠᠯ
ᠨᠡᠶᠢᠲᠡᠯᠡᠭᠰᠡᠨ ᠴᠠᠭ᠄
2019/11/8
1. ᠬᠡᠷ ᠤᠨ ᠡᠵᠡᠨ ᠤ ᠰᠠᠭᠤᠳᠠᠯ᠄ ᠵᠡᠬᠦᠨ ᠬᠤᠶᠢᠮᠤᠷ᠂ ᠤᠷᠤᠨ ᠤ ᠳᠡᠬᠡᠳᠤ ᠠᠪᠳᠠᠷ᠎ᠠ ᠶᠢᠨ ᠡᠮᠤᠨ᠎ᠡ ᠳᠠᠪᠢᠰᠦᠭᠰᠡᠨ ᠤᠯᠪᠤᠭ᠃ 2. ᠬᠡᠷ ᠤᠨ ᠡᠵᠡᠭᠳᠡᠢ ᠶᠢᠨ ᠰᠠᠭᠤᠳᠠᠯ᠄ ᠭᠠᠯ ᠳᠤᠭᠤᠭᠠᠨ ᠤ ᠬᠡᠷᠡᠭᠰᠡᠯ ᠤᠨ ︵ᠳᠠᠯᠪᠢᠭᠤᠷ ᠤᠨ︶ ᠳᠡᠬᠡᠳᠤ ᠳᠠᠯ᠎ᠠ᠃ 3. ᠬᠡᠤᠬᠡᠳ ᠤᠨ ᠰᠠᠭᠤᠳᠠᠯ᠄ ᠬᠡᠷ ᠤᠨ ᠪᠠᠷᠠᠭᠤᠨ ᠤᠷᠳᠤ ᠬᠡᠰᠡᠭ ᠲᠤ ᠬᠡᠤᠬᠡᠳ ᠪᠠᠭᠠᠴᠤᠳ᠂ ᠭᠤᠤᠯᠳᠠᠭᠤ ᠪᠦᠰᠡᠳᠡᠢ ᠪᠠᠭᠠᠴᠤᠳ ᠠᠶᠢᠯ ᠳᠤ ᠤᠷᠤᠵᠤ ᠰᠠᠭᠤᠳᠠᠭ᠂ ᠬᠠᠷᠢᠨ ᠬᠡᠤᠬᠡᠳ ᠤᠨ ᠰᠠᠭᠤᠬᠤ ᠰᠠᠭᠤᠳᠠᠯ ᠬᠡᠵᠤ ᠳᠤᠰᠬᠠᠶᠢᠯᠠᠨ ᠳᠤᠭᠳᠠᠭᠠᠭᠰᠠᠨ ᠪᠠᠶᠢᠷᠢ ᠪᠠᠶᠢᠬᠤ ᠦᠬᠡᠢ ᠠᠵᠢ᠃ 4. ᠵᠤᠴᠢᠳ ᠤᠨ ᠰᠠᠭᠤᠳᠠᠯ᠄ ᠬᠡᠷ ᠤᠨ ᠪᠠᠷᠠᠭᠤᠨ ᠳᠡᠬᠡᠳᠤ ᠬᠤᠶᠢᠮᠤᠷ᠃ ᠵᠤᠴᠢᠨ ᠳᠤ ᠵᠤᠷᠢᠭᠤᠯᠤᠯᠳᠠ ᠪᠦᠬᠦᠢ ︽ᠤᠯᠪᠤᠭ︾ ᠰᠢᠷᠳᠡᠭ ᠳᠡᠨᠳᠡ ᠳᠠᠯᠪᠢᠭᠠᠰᠤᠳᠠᠢ ᠪᠠᠶᠢᠳᠠᠭ᠃ ᠡᠷᠦᠬᠡ ᠶᠢᠨ ᠳᠡᠷᠢᠬᠦᠯᠡᠭᠴᠢ ᠠᠴᠠ ᠵᠤᠴᠢᠨ ᠠᠬᠠᠮᠠᠳ ᠪᠤᠯ ᠪᠠᠷᠠᠭᠤᠨ ᠬᠤᠶᠢᠮᠤᠷ᠂ ᠦᠶ᠎ᠡ ᠳᠠᠩ ᠤᠨ ᠪᠤᠯ ᠪᠠᠷᠠᠭᠤᠨ ᠳᠠᠯ᠎ᠠ ᠳᠤ᠂ ᠳᠡᠬᠦᠤ ᠨᠠᠰᠤᠨ ᠤ ᠬᠢ ᠪᠤᠯ ᠪᠠᠷᠠᠭᠤᠨ ᠡᠮᠤᠨ᠎ᠡ ᠴᠢᠭ ᠲᠤ ᠰᠠᠭᠤᠨ᠎ᠠ᠃ ᠵᠤᠴᠢᠨ ᠡᠮᠡᠭᠳᠡᠢ ᠡᠵᠡᠭᠳᠡᠢ ᠠᠴᠠ ᠡᠬᠡᠴᠢ ᠪᠤᠯ ᠪᠠᠷᠠᠭᠤᠨ ᠳᠠᠯ᠎ᠠ ᠳᠤ᠂ ᠳᠡᠬᠦᠤ ᠨᠠᠰᠤᠨ ᠤ ᠬᠢ ᠪᠤᠯ ᠪᠠᠷᠠᠭᠤᠨ ᠡᠮᠤᠨ᠎ᠡ ᠴᠢᠭ ᠲᠤ ᠰᠠᠭᠤᠨ᠎ᠠ᠃ ᠵᠤᠴᠢᠨ ᠡᠮᠡᠭᠳᠡᠢ ᠡᠵᠡᠭᠳᠡᠢ ᠠᠴᠠ ᠡᠬᠡᠴᠢ ᠪᠤᠯ ᠳᠡᠬᠡᠳᠤ ᠳᠠᠯ᠎ᠠ ᠳᠤ᠂ ᠳᠡᠬᠦᠤ ᠪᠤᠯ ᠳᠤᠤᠷᠠᠳᠤ ᠳᠠᠯ᠎ᠠ ᠳᠤ ᠰᠠᠭᠤᠳᠠᠭ ᠶᠤᠰᠤᠳᠡᠢ ᠠᠵᠢ᠃ ᠬᠦᠯ ᠳᠤ ᠤᠷᠤᠭ᠎ᠠ ᠦᠬᠡᠢ ᠨᠢᠯᠬ᠎ᠠ ᠬᠡᠤᠬᠡᠳ ᠢ ᠵᠡᠬᠦᠨ ᠬᠤᠶᠢᠮᠤᠷ ᠳᠠᠯ᠎ᠠ ᠳᠤ ︵ᠤᠷᠤᠨ ᠤ ᠳᠡᠬᠡᠳᠤ ᠳᠠᠯ᠎ᠠ ᠳᠤ︶ ᠡᠴᠢᠬᠡ ᠡᠬᠡ ᠬᠤᠶᠠᠷ ᠤᠨ ᠰᠠᠭᠤᠳᠠᠯ ᠤᠨ ᠵᠠᠪᠰᠠᠷ ᠬᠠᠨᠠᠨ ᠠᠴᠠ ᠤᠶᠠᠳᠠᠭ ︽ᠬᠡᠤᠬᠡᠳ ᠤᠨ ᠤᠶᠠᠭᠠᠨ ᠤ ᠳᠦᠳᠡᠬᠦᠯ︾ ᠪᠠᠶᠢᠳᠠᠭ᠂ ᠳᠡᠬᠦᠨ ᠠᠴᠠ ᠬᠡᠤᠬᠡᠳ ᠢᠶᠠᠨ ᠤᠶᠠᠵᠤ ᠡᠮᠤᠨ᠎ᠡ ᠳᠠᠯ᠎ᠠ ᠳᠤ ᠨᠢ ︽ᠬᠠᠶᠢᠰᠠᠩ︾ ᠬᠡᠮᠡᠬᠦ 20 — 30 ᠰᠠᠨᠲ᠋ᠢᠮᠧᠲᠷ ᠤᠨ ᠦᠨᠳᠤᠷ ᠲᠠᠢ ᠮᠤᠳᠤᠨ ᠳᠦᠰᠢᠯᠬᠡ ᠪᠤᠰᠬᠠᠳᠠᠭ ᠪᠠᠶᠢᠭᠰᠠᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号