ᠮᠣᠩᠭᠤᠯ ᠬᠡᠷ ᠤᠨ ᠳᠤᠳᠤᠷᠡᠬᠢ ᠤᠷᠤᠨ ᠵᠠᠢ ᠶᠢᠨ ᠬᠤᠪᠢᠶᠠᠷᠢᠯᠠᠯᠳᠠ
ᠨᠡᠶᠢᠲᠡᠯᠡᠭᠰᠡᠨ ᠴᠠᠭ᠄
2019/11/8
ᠡᠷᠳᠡᠨ ᠤ ᠤᠯᠠᠮᠵᠢᠯᠠᠯ ᠢᠶᠠᠷ ᠬᠡᠷ ᠤᠨ ᠡᠬᠦᠳᠡ ᠪᠠᠨ ᠡᠮᠤᠨ᠎ᠡ ᠵᠦᠭ ︵ᠵᠡᠬᠦᠨ ᠡᠮᠦᠨ᠎ᠡ︶ ᠬᠠᠷᠠᠭᠤᠯᠤᠨ ᠪᠠᠷᠢᠬᠤ ᠶᠤᠰᠤ ᠵᠠᠩᠰᠢᠵᠠᠢ᠃ ᠢᠩᠬᠢᠵᠤ ᠬᠡᠷ ᠪᠠᠷᠢᠬᠤ ᠵᠦᠭ᠂ ᠴᠢᠭᠯᠡᠯ ᠬᠡᠪᠰᠢᠭᠰᠡᠨ ᠤ ᠠᠳᠠᠯᠢ ᠬᠡᠷ ᠤᠨ ᠳᠤᠳᠤᠷᠡᠬᠢ ᠳᠠᠯᠪᠢᠯᠭ᠎ᠠ ᠵᠠᠰᠠᠯ ᠳᠠᠯᠪᠢᠬᠤ ᠪᠤᠯᠤᠨ ᠬᠡᠷ ᠤᠨ ᠳᠤᠳᠤᠭᠠᠳᠤ ᠪᠠᠶᠢᠭᠤᠯᠤᠯᠳᠠ ᠴᠦᠮ ᠡᠷᠳᠡ ᠦᠶ᠎ᠡ ᠠᠴᠠ ᠬᠠᠳᠠᠭᠠᠯᠠᠭᠳᠠᠨ ᠵᠠᠩᠰᠢᠭᠰᠠᠨ ᠳᠢᠭ ᠵᠢᠷᠤᠮ ᠲᠠᠢ ᠶᠤᠰᠤ ᠭᠤᠷᠢᠮ ᠲᠠᠢ ᠪᠢᠯᠡ᠃ ᠬᠡᠷ ᠤᠨ ᠳᠤᠳᠤᠷᠡᠬᠢ ᠳᠠᠯᠪᠢᠯᠭ᠎ᠠ᠂ ᠵᠤᠬᠢᠶᠠᠨ ᠪᠠᠶᠢᠭᠤᠯᠤᠯᠳᠠ ᠨᠢ ᠡᠷᠳᠡᠨ ᠤ ᠤᠪᠤᠭ ᠠᠶᠢᠮᠠᠭ ᠤᠳ ᠤᠨ ᠡᠷᠬᠢᠯᠡᠨ ᠢᠷᠡᠭᠰᠡᠨ ᠠᠵᠤ ᠠᠬᠤᠢ᠂ ᠡᠷᠦᠬᠡ ᠬᠡᠷ  ᠤᠨ ᠬᠡᠰᠢᠬᠦᠳ ᠤᠨ ᠬᠦᠳᠡᠯᠮᠤᠷᠢ ᠶᠢᠨ ᠬᠤᠪᠢᠶᠠᠷᠢ᠂ ᠬᠤᠭᠤᠷᠤᠨᠳᠤ ᠶᠢᠨ ᠬᠠᠷᠢᠯᠴᠠᠭ᠎ᠠ ᠳᠡᠳᠡᠬᠡᠷ ᠤᠨ ᠨᠡᠶᠢᠬᠡᠮ ᠳᠤ ᠡᠵᠡᠯᠡᠬᠦ ᠪᠠᠶᠢᠷᠢ ᠰᠠᠭᠤᠷᠢ ᠵᠡᠷᠬᠡ ᠶᠢᠨ ᠤᠨᠴᠠᠯᠢᠭ ᠠᠴᠠ ᠰᠢᠯᠳᠠᠭᠠᠯᠠᠨ ᠡᠬᠦᠰᠦᠭᠰᠡᠨ ᠳᠢᠭ ᠶᠤᠰᠤ ᠨᠢ ᠬᠡᠪᠰᠢᠯ ᠪᠤᠯᠤᠨ ᠤᠯᠠᠮᠵᠢᠯᠠᠭᠳᠠᠵᠠᠢ᠃ ᠤᠯᠠᠮᠵᠢᠯᠠᠯᠳᠤ ᠵᠠᠩᠰᠢᠯ ᠶᠤᠰᠤᠭᠠᠷ ᠬᠡᠷ ᠤᠨ ᠳᠤᠳᠤᠷᠠᠬᠢ ᠤᠷᠤᠨ ᠵᠠᠢ ᠶᠢ ᠭᠠᠯ ᠭᠤᠯᠤᠮᠳᠠ ᠪᠠᠷ ᠳᠦᠪ ᠬᠢᠵᠤ ᠪᠠᠷᠠᠭᠤᠨ᠂ ᠵᠡᠬᠦᠨ᠂ ᠬᠤᠶᠢᠮᠤᠷ᠂ ᠡᠬᠦᠳᠡᠨ ᠳᠠᠯ᠎ᠠ ᠬᠡᠮᠡᠨ ᠬᠤᠪᠢᠶᠠᠵᠤ ᠳᠡᠳᠡᠬᠡᠷ ᠬᠡᠰᠡᠭ ᠲᠤ ᠠᠬᠤᠢ ᠶᠢᠨ ᠡᠳ᠋ ᠪᠠᠷᠠᠭ᠎ᠠ᠂ ᠬᠡᠷᠡᠭᠯᠡᠯ᠂ ᠳᠠᠯᠪᠢᠯᠭ᠎ᠠ ᠪᠠᠶᠢᠷᠢᠯᠠᠭᠤᠯᠤᠨ ᠠᠮᠢᠳᠤᠷᠠᠵᠤ ᠢᠷᠡᠵᠡᠢ᠃ ᠬᠡᠷ ᠤᠨ ᠪᠠᠷᠠᠭᠤᠨ ᠳᠠᠯ᠎ᠠ ᠳᠤ ᠡᠳ᠋ ᠪᠠᠷᠠᠭ᠎ᠠ᠂ ᠡᠷᠦᠬᠡ ᠶᠢᠨ ᠳᠡᠷᠢᠬᠦᠯᠡᠭᠴᠢ ᠪᠤᠯᠤᠨ ᠬᠡᠤᠬᠡᠳ ᠤᠳ ᠤᠨ ᠬᠤᠪᠴᠠᠰᠤ ᠬᠤᠨᠠᠷ ᠢ ᠬᠤᠷᠢᠶᠠᠳᠠᠭ ᠠᠵᠤ ᠠᠬᠤᠢ ᠶᠢᠨ ᠬᠡᠰᠡᠭ᠂ ᠬᠤᠶᠢᠮᠤᠷ ᠪᠤᠯ ᠳᠡᠬᠡᠳᠤ ᠳᠡᠯ᠎ᠡ ᠪᠦᠬᠡᠳ ᠳᠡᠨᠳᠡ ᠠᠶᠢᠯ ᠬᠡᠷ ᠤᠨ ᠡᠷᠬᠢᠮ ᠵᠦᠢᠯ ︵ᠬᠡᠷ ᠤᠨ ᠡᠵᠡᠨ ᠤ ᠬᠠᠵᠠᠭᠠᠷ᠂ ᠫᠤᠤ ᠰᠠᠭᠠᠳᠠᠭ᠂ ᠮᠤᠷᠢᠨ ᠬᠤᠭᠤᠷ︶᠂ ᠪᠤᠷᠬᠠᠨ ᠳᠠᠬᠢᠯ ᠪᠠᠶᠢᠷᠢᠯᠠᠭᠤᠯᠳᠠᠭ ᠪᠠ ᠬᠤᠶᠢᠮᠤᠷ ᠳᠠᠯ᠎ᠠ ᠶᠢ ᠴᠡᠪᠡᠷ ᠠᠷᠢᠭᠤᠨ ᠪᠠᠶᠢᠯᠭᠠᠨ᠂ ᠬᠡᠨ ᠬᠦᠮᠦᠨ ᠬᠠᠮᠢᠶ᠎ᠠ ᠦᠬᠡᠢ ᠬᠤᠶᠢᠮᠤᠷ ᠢᠶᠠᠷ ᠠᠯᠬᠤᠬᠤ᠂ ᠰᠠᠭᠤᠬᠤ᠂ ᠳᠡᠷᠡ ᠴᠤ ᠠᠳᠤᠭᠠᠢ ᠬᠡᠤᠬᠡᠳ ᠪᠠᠭᠠᠴᠤᠳ ᠴᠤ ᠨᠠᠭᠠᠳᠬᠤ ᠶᠢ ᠴᠡᠬᠡᠷᠯᠡᠳᠡᠭ ᠪᠠᠶᠢᠵᠠᠢ᠃ ᠬᠡᠷ ᠤᠨ ᠵᠡᠬᠦᠨ ᠬᠡᠰᠡᠭ ᠲᠤ ᠬᠡᠷ ᠤᠨ ᠡᠵᠡᠳ ᠤᠨ ᠤᠷᠤ ᠳᠡᠷ᠎ᠡ ᠪᠠᠶᠢᠬᠤ ᠪᠦᠬᠡᠳ ᠡᠵᠡᠭᠳᠡᠢ ᠶᠢᠨ ᠠᠪᠳᠠᠷ᠎ᠠ ᠮᠦᠨ ᠪᠠᠶᠢᠨ᠎ᠠ᠃ ᠬᠡᠬᠦ ᠳᠡᠭᠡᠨ ᠵᠠᠷᠢᠮ ᠨᠤᠲᠤᠭ ᠲᠤ ᠬᠡᠷ ᠤᠨ ᠡᠵᠡᠳ ᠤᠨ ᠤᠷᠤ ᠳᠠᠷ᠎ᠠ ᠶᠢ ᠪᠠᠷᠠᠭᠤᠨ ᠬᠡᠰᠡᠭ ᠲᠤ ᠵᠠᠰᠠᠬᠤ ᠶᠤᠰᠤ ᠮᠦᠨ ᠪᠠᠶᠢᠵᠠᠢ᠃ ᠤᠷᠤ ᠪᠠᠷᠠᠭᠤᠨ ᠳᠠᠯ᠎ᠠ ᠳᠤ ᠵᠠᠰᠠᠭᠰᠠᠨ ᠠᠶᠢᠯ ᠤᠨ ᠭᠠᠯ ᠭᠤᠯᠤᠮᠳᠠ ᠶᠢᠨ ᠠᠮᠠ ᠮᠦᠨ ᠪᠠᠷᠠᠭᠤᠨ ᠤᠷᠤᠭᠤ ᠬᠠᠷᠠᠵᠤ᠂ ᠪᠠᠷᠠᠭᠤᠨ ᠳᠠᠯ᠎ᠠ ᠳᠤ ᠭᠠᠯ ᠳᠤᠭᠤᠭᠠᠨ ᠤ ᠬᠡᠷᠡᠭᠰᠡᠯ ᠳᠠᠯᠪᠢᠳᠠᠭ᠃ ᠡᠨᠡ ᠨᠢ ᠬᠤᠳᠠ ᠲᠠᠢ ᠬᠤᠨᠢ  ᠪᠠᠨ ᠬᠠᠮᠠᠭᠠᠯᠠᠬᠤ᠂ ᠮᠠᠨᠠᠬᠤ ᠤᠳᠬ᠎ᠠ ᠪᠠᠷ ᠬᠤᠳᠠᠨ ᠤ ᠬᠢ ᠪᠠᠨ ᠠᠯᠢ ᠳᠠᠯ᠎ᠠ ᠳᠤ ᠬᠡᠷ ᠢᠶᠠᠨ ᠪᠠᠷᠢᠨ᠎ᠠ᠂ ᠳᠡᠷᠡ ᠳᠠᠯ᠎ᠠ ᠤᠷᠤᠭᠤ ᠳᠤᠯᠭ᠎ᠠ ᠪᠠᠨ ᠬᠠᠷᠠᠭᠤᠯᠵᠤ᠂ ᠬᠡᠷ ᠤᠨ ᠳᠠᠯᠪᠢᠯ ᠵᠠᠰᠠᠯ ᠢᠶᠠᠨ ᠵᠠᠰᠠᠳᠠᠭ ᠤᠴᠢᠷ ᠲᠠᠢ ᠬᠤᠯᠪᠤᠭ᠎ᠠ ᠲᠠᠢ ᠠᠵᠢ ᠃ ᠤᠷᠤᠨ ᠤ ᠬᠦᠯ ᠳᠤ ᠡᠵᠡᠭᠳᠡᠢ ᠶᠢᠨ ᠢᠨᠵᠢᠨ ᠳᠤ ᠢᠷᠡᠭᠰᠡᠨ ᠦᠬᠡᠭ᠂ ᠳᠡᠬᠦᠨ ᠤ ᠤᠷᠳᠤᠬᠢ ᠬᠠᠳᠠᠪᠴᠢᠨ ᠳᠤ ᠭᠠᠯ ᠳᠤᠭᠤᠭᠠᠨ ᠤ ᠬᠡᠷᠡᠭᠰᠡᠯ ᠳᠠᠯᠪᠢᠭᠤᠷ᠂ ᠡᠷᠬᠢᠨᠡᠭ ︵ᠡᠷᠬᠢᠬᠦᠯᠬᠡ︶ ᠳᠠᠯᠪᠢᠳᠠᠭ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号