ᠬᠡᠤᠬᠡᠳ ᠢᠶᠠᠨ ᠵᠥᠪ ᠰᠤᠷᠭᠠᠬᠤ ᠴᠡᠭᠡᠷ ᠶᠣᠰᠣᠨ
ᠨᠡᠶᠢᠲᠡᠯᠡᠭᠰᠡᠨ ᠴᠠᠭ᠄
2019/12/11
ᠬᠢᠵᠢᠭ ᠳᠠᠬᠤᠯ ᠳᠤᠰᠤᠨ᠎ᠠ ᠭᠡᠵᠦ ᠬᠡᠪᠲᠡᠭᠡ ᠪᠠᠷ ᠢᠲᠡᠬᠦ ᠶᠢ ᠴᠡᠭᠡᠷᠯᠡᠬᠦᠯᠲᠡᠭ᠃ ᠬᠤᠤᠳᠤᠤ ᠪᠤᠯᠤᠨ᠎ᠠ ᠭᠡᠵᠦ ᠨᠢᠭᠤᠷ ᠭᠠᠷ ᠢᠶᠠᠨ ᠤᠬᠢᠶᠠᠬᠤ ᠦᠬᠡᠢ ᠪᠠᠷ ᠢᠲᠡᠬᠦ ᠶᠢ ᠴᠡᠭᠡᠷᠯᠡᠬᠦᠯᠲᠡᠭ᠃ ᠠᠮᠠᠨ ᠬᠦᠨᠡᠰᠦ ᠴᠢᠨᠢ ᠵᠠᠶᠢᠯᠠᠨ᠎ᠠ ᠬᠡᠵᠦ ᠵᠠᠵᠢᠯᠵᠤ ᠪᠠᠶᠢᠭ᠎ᠠ ᠢᠲᠡᠭᠡᠨ ᠢᠶᠠᠨ ᠭᠠᠷᠭᠠᠬᠤ ᠶᠢ ᠴᠡᠭᠡᠷᠯᠡᠬᠦᠯᠲᠡᠭ᠃ ᠦᠲᠡᠯᠥᠭᠰᠡᠨ ᠬᠦᠮᠥᠨ ᠲᠠᠢ ᠤᠷᠤᠭᠯᠠᠨ᠎ᠠ ᠬᠡᠵᠦ ᠣᠷᠤᠢ ︵ᠰᠦᠨᠢ︶ ᠵᠠᠰᠠᠵᠤ ᠭᠤᠶᠤᠯᠠᠬᠤ ᠶᠢ ᠴᠡᠭᠡᠷᠯᠡᠬᠦᠯᠲᠡᠭ᠃ ᠳᠤᠭᠤᠯᠠᠩ ᠬᠦᠮᠥᠨ ᠲᠠᠢ ᠬᠤᠷᠢᠮᠯᠠᠨ᠎ᠠ ᠭᠡᠵᠦ ᠳᠤᠭᠤᠯᠠᠩ ᠰᠠᠪᠬ᠎ᠠ ᠪᠠᠷ ᠪᠤᠳᠠᠭ᠎ᠠ ᠢᠲᠡᠬᠦ ᠶᠢ ᠴᠡᠭᠡᠷᠯᠡᠬᠦᠯᠲᠡᠭ᠃ ᠵᠤᠪᠠᠯᠠᠩ ᠲᠠᠢ ᠬᠦᠮᠥᠨ ᠪᠤᠯᠤᠨ᠎ᠠ ᠭᠡᠵᠦ ᠲᠦᠬᠦᠰᠢ ᠪᠠᠨ ᠳᠤᠯᠬᠤ ᠶᠢ ᠴᠡᠭᠡᠷᠯᠡᠬᠦᠯᠲᠡᠭ᠃ ᠵᠤᠪᠠᠯᠠᠩ ᠢᠶᠠᠨ ᠡᠬᠦᠷᠦᠨ᠎ᠡ ᠭᠡᠵᠦ ᠨᠢᠷᠤᠭᠤ ᠡᠬᠦᠷᠬᠦ ᠶᠢ ᠴᠡᠭᠡᠷᠯᠡᠬᠦᠯᠲᠡᠭ᠃ ᠵᠤᠪᠠᠯᠠᠩ ᠢ ᠨᠢ ᠠᠪᠤᠨ᠎ᠠ ᠭᠡᠵᠦ ᠪᠤᠰᠤᠳ ᠤᠨ ᠮᠥᠷ ᠲᠡᠭᠡᠷ᠎ᠡ ᠭᠢᠰᠬᠢᠬᠦ ᠶᠢ ᠴᠡᠭᠡᠷᠯᠡᠬᠦᠯᠲᠡᠭ᠃ ᠵᠤᠪᠠᠯᠠᠩ ᠢ ᠨᠢ ᠠᠪᠤᠨ᠎ᠠ ᠭᠡᠵᠦ ᠠᠬᠠᠮᠠᠳ ᠬᠦᠮᠥᠨ ᠤ ᠮᠥᠷ ᠲᠡᠭᠡᠷ᠎ᠡ ᠲᠦᠰᠢᠬᠦ ︵ᠭᠠᠷ ᠳᠠᠯᠪᠢᠬᠤ︶᠎ ᠶᠢ ᠴᠡᠭᠡᠷᠯᠡᠬᠦᠯᠲᠡᠭ᠃ ᠠᠬᠠᠮᠠᠳ ᠬᠦᠮᠥᠨ ᠤ ᠡᠮᠥᠨᠡᠭᠦᠷ ᠭᠠᠷᠬᠤ ᠶᠢ ᠴᠡᠭᠡᠷᠯᠡᠬᠦᠯᠲᠡᠭ᠃ ᠠᠬᠠᠮᠠᠳ ᠬᠦᠮᠥᠨ ᠤ ᠡᠮᠥᠨ᠎ᠡ ᠰᠦᠪᠡᠭᠡ ᠪᠤᠶᠤ ᠳᠠᠰᠢᠶ᠎ᠠ ᠳᠤᠯᠵᠤ ᠵᠤᠭᠰᠤᠬᠤ ᠶᠢ ᠴᠡᠭᠡᠷᠯᠡᠬᠦᠯᠲᠡᠭ᠃ ᠵᠤᠪᠠᠯᠠᠩ ᠢ ᠨᠢ ᠠᠪᠤᠨ᠎ᠠ ᠭᠡᠵᠦ ᠪᠤᠰᠤᠳ ᠤᠨ ᠰᠢᠨ᠎ᠡ ᠬᠤᠪᠴᠠᠰᠤ ᠶᠢ ᠤᠷᠢᠳᠠᠪᠠᠷ ᠡᠮᠥᠰᠬᠦ ᠶᠢ ᠴᠡᠭᠡᠷᠯᠡᠬᠦᠯᠲᠡᠭ᠃ ᠮᠠᠷᠳᠠᠮᠠᠳᠠᠭᠠᠢ ᠪᠤᠯᠤᠨ᠎ᠠ ᠭᠡᠵᠦ ᠮᠠᠯᠠᠭᠠᠢ ᠪᠠᠨ ᠲᠡᠷᠡᠯᠡᠬᠦ ᠶᠢ ᠴᠡᠭᠡᠷᠯᠡᠬᠦᠯᠲᠡᠭ᠃ ᠬᠤᠶᠠᠷ ᠡᠮ᠎ᠡ ᠠᠪᠤᠨ᠎ᠠ ᠭᠡᠵᠦ ᠬᠤᠤᠰ ᠮᠠᠯᠠᠭᠠᠢ ᠡᠮᠥᠰᠬᠦ ᠶᠢ ᠴᠡᠭᠡᠷᠯᠡᠬᠦᠯᠲᠡᠭ᠃ ᠰᠢᠭᠡᠷᠡᠩ ᠪᠤᠯᠤᠨ᠎ᠠ ᠭᠡᠵᠦ ᠰᠡᠬᠦᠲᠡᠷ ᠢᠶᠠᠷ ᠢᠶᠠᠨ ᠨᠠᠭᠠᠳᠬᠤ ᠶᠢ ᠴᠡᠭᠡᠷᠯᠡᠬᠦᠯᠲᠡᠭ᠃ ᠮᠤᠭᠠᠢ ᠣᠷᠤᠵᠤ ᠢᠷᠡᠨ᠎ᠡ ᠭᠡᠵᠦ ᠭᠡᠷ ᠲᠤ ᠳᠠᠰᠢᠭᠤᠷ ᠢᠶᠠᠷ ᠨᠠᠭᠠᠳᠬᠤ ᠶᠢ ᠴᠡᠭᠡᠷᠯᠡᠬᠦᠯᠲᠡᠭ᠃ ᠨᠢᠳᠤᠨ ᠭᠠᠯ ᠴᠢᠨᠢ ᠮᠠᠭᠤᠳᠠᠨ᠎ᠠ ᠭᠡᠵᠦ ᠮᠤᠤᠷ ᠡᠪᠦᠷᠯᠡᠵᠦ ᠤᠨᠳᠠᠬᠤ ᠶᠢ ᠴᠡᠭᠡᠷᠯᠡᠬᠦᠯᠲᠡᠭ᠃ ᠮᠤᠭᠠᠢ ᠠᠪᠴᠢᠷᠠᠨ᠎ᠠ ᠬᠡᠵᠦ ᠮᠤᠤᠷ ᠢ ᠰᠠᠪᠬ᠎ᠠ ᠪᠤᠶᠤ ᠳᠠᠰᠢᠭᠤᠷ ᠢᠶᠠᠷ ᠴᠤᠬᠢᠬᠤ ᠶᠢ ᠴᠡᠭᠡᠷᠯᠡᠬᠦᠯᠲᠡᠭ᠃ ᠦᠰᠢᠶ᠎ᠡ ᠲᠠᠢ ᠪᠤᠯᠤᠨ᠎ᠠ ᠭᠡᠵᠦ ᠬᠠᠷᠢᠯᠴᠠᠨ ᠬᠦᠯ ᠤᠨ ᠤᠯᠨ ᠪᠠᠨ ᠨᠡᠶᠢᠯᠡᠬᠦᠯᠬᠦ ᠶᠢ ᠴᠡᠭᠡᠷᠯᠡᠬᠦᠯᠲᠡᠭ᠃ ᠦᠰᠢᠶ᠎ᠡ ᠲᠠᠢ ᠪᠤᠯᠤᠨ᠎ᠠ ᠭᠡᠵᠦ ᠠᠪᠤᠭᠰᠠᠨ ︵ᠬᠢᠷᠭᠠᠭᠰᠠᠨ︶ ᠭᠡᠵᠢᠭᠡ ᠪᠠᠨ ᠨᠡᠶᠢᠯᠡᠬᠦᠯᠬᠦ ᠶᠢ ᠴᠡᠭᠡᠷᠯᠡᠬᠦᠯᠲᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号