| ᠮᠤᠩᠭᠤᠯ ᠦᠨᠳᠦᠰᠤᠲᠡᠨ ᠤ ᠡᠷᠲᠡᠨ ᠠᠴᠠ ᠤᠯᠠᠮᠵᠢᠯᠠᠵᠤ ᠢᠷᠡᠭᠰᠡᠨ ᠱᠢᠲᠠᠷᠠ ᠶᠢᠨ ᠲᠦᠷᠦᠯ ᠳᠤ ᠪᠠᠶᠢᠭ᠎ᠠ ᠵᠢᠷᠭᠢᠭᠡ | ᠪᠤᠯ ᠲᠦᠢᠯ ᠤᠨ ᠬᠤᠪᠤᠷ ᠴᠤᠬᠠᠭ ᠮᠤᠩᠭᠤᠯ ᠨᠠᠭᠠᠳᠤᠮ ᠤᠨ ᠵᠦᠢᠯ ᠪᠤᠯᠤᠭᠠᠳ ᠪᠤᠢ᠃ ᠤᠳᠤᠬᠠᠨ ᠤ ᠦᠪᠦᠷ | ᠮᠤᠩᠭᠤᠯ ᠤᠨ ᠬᠤᠷᠴᠢᠨ᠂ ᠠᠯᠠᠱᠠ ᠶᠢᠨ ᠡᠵᠡᠨ᠎ᠡ ᠵᠡᠷᠭᠡ ᠶᠢᠨ ᠭᠠᠵᠠᠷ ᠤᠷᠤᠨ ᠤ ᠴᠦᠭᠡᠩᠬᠢ ᠮᠠᠯᠵᠢᠬᠤ ᠠᠶᠢᠯ | ᠡᠷᠦᠭᠡ ᠳᠤ ᠪᠠᠭ᠎ᠠ ᠰᠠᠭ᠎ᠠ ᠨᠠᠭᠠᠳᠬᠤ ᠨᠢ ᠬᠠᠷᠠᠭᠳᠠᠵᠤ ᠪᠠᠶᠢᠨ᠎ᠠ᠃ | 1. ᠵᠢᠷᠭᠢᠭᠡ ᠶᠢᠨ ᠪᠦᠲᠦᠴᠡ ᠵᠢᠷᠭᠢᠭᠡ ᠶᠢᠨ ᠪᠠᠭᠤᠳᠠᠯ ᠳᠤ ᠨᠢᠭᠡ ᠨᠢᠭᠡ ᠠᠴᠠ ᠪᠠᠨ ᠶᠡᠭᠡ ᠭᠤᠷᠪᠡᠨ ᠲᠡᠭᠰᠢ | ᠳᠦᠷᠪᠡᠯᠵᠢᠨ ᠤ ᠵᠢᠷᠤᠭ ᠢ ᠦᠨᠴᠦᠭ ᠤᠨ ᠴᠡᠭ ᠪᠠ ᠭᠤᠤᠯ ᠤᠨ ᠴᠡᠭ ᠢ ᠠᠰᠢᠭᠯᠠᠨ ᠨᠠᠢᠮᠠᠨ ᠬᠡᠰᠡᠭ ᠪᠤᠯᠭᠠᠨ | ᠬᠤᠪᠢᠶᠠᠭᠠᠳ ᠨᠢᠭᠡ ᠵᠢᠷᠤᠭᠠᠰᠤᠨ ᠳᠡᠭᠡᠷᠡᠭᠢ ᠭᠤᠷᠪᠡᠨ ᠤᠭᠲᠤᠯᠤᠭᠰᠠᠨ ᠴᠡᠭ ᠢᠶᠠᠷ ᠵᠢᠷᠭᠢᠭᠡ ᠶᠢᠨ ᠮᠤᠳᠤᠨ ᠤ | ᠪᠠᠭᠤᠳᠠᠯ ᠪᠤᠯᠭᠠᠪᠠᠯ ᠨᠠᠶᠢᠲᠠ 24 ᠪᠠᠭᠤᠲᠠᠯ ᠢᠶᠠᠷ ᠳᠦᠭᠦᠷᠳᠡᠭ ᠪᠤᠯᠬᠤᠷ᠂ ᠵᠢᠷᠭᠢᠭᠡ ᠨᠠᠶᠢᠲᠠ 24 ᠮᠤᠳᠤ ᠲᠠᠢ | ᠪᠠᠶᠢᠵᠤ᠂ ᠨᠢᠭᠡ ᠭᠦᠮᠦᠨ ᠳᠤ ᠠᠷᠪᠠᠨ ᠬᠤᠶᠠᠷ ᠮᠤᠳᠤ ᠣᠨᠣᠭᠳᠠᠨ᠎ᠠ᠃ ᠣᠨᠣᠭᠳᠠᠨ᠎ᠠ᠃ | 2. ᠵᠢᠷᠭᠢᠭᠡ ᠶᠢᠨ ᠨᠠᠭᠠᠳᠬᠤ ᠠᠷᠭ᠎ᠠ ᠡᠬᠢᠯᠡᠵᠣ ᠭᠡᠨ ᠲᠠᠯᠪᠢᠭᠰᠠᠨ ᠴᠣ᠋ ᠪᠣᠯᠣᠨ᠎ᠠ᠃ ᠭᠡᠬᠦ ᠳᠡᠭᠡᠨ ᠬᠡᠨ ᠬᠡᠷᠪᠡ | ᠭᠦᠨᠳᠡᠯᠡᠨ ᠭᠤᠣᠯᠳᠦ ᠬᠠᠮᠢᠶ᠎ᠠ ᠦᠭᠡᠢ ᠨᠢᠭᠡ ᠮᠦᠷ ᠲᠤ ᠦᠪᠡᠷ ᠤᠨ ᠭᠤᠷᠪᠡᠨ ᠮᠣᠳᠦ ᠪᠠᠨ ᠣᠭᠰᠠᠷᠠᠭᠤᠯᠵᠣ | ᠴᠢᠳᠠᠪᠠᠯ ᠨᠦᠭᠦᠭᠡ ᠲᠠᠯ᠎ᠠ ᠶᠢᠨ ᠢᠶᠠᠨ ᠬᠠᠮᠤᠭ ᠠᠶᠣᠯ ︵ᠭᠤᠷᠪᠠ ᠣᠭᠰᠠᠷᠠᠬᠤ ᠪᠣᠯᠣᠯᠴᠠᠭ᠎ᠠ︶ ᠲᠠᠢ ᠮᠣᠲᠦ ᠶᠢ | ᠣᠷᠣᠭᠤ ᠬᠠᠨᠳᠣᠭᠤᠯᠵᠣ ᠲᠠᠯᠪᠢᠭᠠᠳ᠂ ᠦᠪᠡᠷ ᠤᠨ ᠪᠦᠭᠦᠯᠢ 12 ᠮᠣᠳᠣᠨ ᠤ ᠣᠷᠣ ᠶᠢ ᠤᠯᠭᠤᠵᠤ ᠰᠠᠭᠤᠯᠭᠠᠭᠰᠠᠨ | ᠤ ᠲᠠᠷᠠᠭ᠎ᠠ᠂ ᠬᠤᠶᠠᠷ ᠲᠠᠯ᠎ᠠ ᠶᠢᠨ ᠤᠷᠤᠭᠤ ᠬᠠᠨᠳᠤᠭᠤᠯᠤᠭᠰᠠᠨ ᠮᠤᠳᠤ ᠪᠠᠨ ᠬᠤᠷᠢᠶᠠᠵᠤ ᠠᠪᠤᠭᠰᠠᠨ ᠤ ᠰᠡᠬᠦᠯᠡᠷ᠂ | ᠰᠡᠬᠦᠯ ᠤᠨ ᠡᠬᠢᠯᠡᠵᠤ ᠮᠤᠳᠤ ᠲᠠᠯᠪᠢᠭᠰᠠᠨ ᠲᠠᠯ᠎ᠠ ᠨᠢ ᠦᠪᠡᠷ ᠤᠨ ᠮᠤᠳᠤ ᠪᠠᠨ ᠰᠢᠯᠵᠢᠬᠦᠯᠵᠤ᠂ ᠵᠢᠷᠬᠢᠬᠡ | ᠤᠭᠰᠤᠷᠠᠭᠤᠯᠤᠨ ᠬᠠᠷᠢᠯᠴᠠᠨ ᠢᠳᠡᠨ᠎ᠡ᠃ ᠬᠡᠨ ᠤ ᠮᠤᠳᠤ ᠤᠷᠢᠳᠠᠪᠠᠷ ᠢᠳᠡᠭᠳᠡᠵᠤ ᠪᠠᠷᠠᠭᠳᠠᠪᠠᠯ ᠲᠡᠷᠡ ᠨᠢ | ᠢᠯᠠᠭᠳᠠᠭᠴᠢ ᠮᠦᠨ᠃ ᠵᠢᠷᠬᠢᠬᠡ ᠶᠢ ᠲᠠᠯᠪᠢᠬᠤ ᠳᠤ᠂ ᠨᠡᠯᠢᠶᠡᠳ ᠤᠬᠠᠭᠠᠨ ᠪᠤᠳᠤᠯᠭ᠎ᠠ ᠲᠠᠢ ᠪᠠᠶᠢᠵᠤ᠂ ᠬᠡᠳᠦᠨ | ᠠᠯᠬᠤᠮ ᠤᠨ ᠲᠠᠷᠠᠭᠠᠬᠢ ᠶᠠᠪᠤᠬᠤ ᠵᠠᠮ ᠢᠶᠠᠨ ᠰᠠᠶᠢᠳᠤᠷ ᠪᠤᠳᠤᠵᠤ ᠭᠠᠷᠭᠠᠭᠰᠠᠨ ᠪᠠᠶᠢᠬᠤ ᠬᠡᠷᠡᠭᠳᠠᠢ᠃ |