ᠬᠡᠤᠬᠡᠳ ᠢᠶᠠᠨ ᠬᠥᠮᠥᠵᠢᠭᠦᠯᠬᠦ ᠴᠡᠭᠡᠷ ᠶᠣᠰᠣᠨ
ᠨᠡᠶᠢᠲᠡᠯᠡᠭᠰᠡᠨ ᠴᠠᠭ᠄
2019/12/11
ᠬᠡᠤᠬᠡᠳ ᠢᠶᠠᠨ ᠬᠥᠮᠥᠵᠢᠭᠦᠯᠬᠦ ᠴᠡᠭᠡᠷ ᠶᠣᠰᠣᠨᠴᠢᠳᠬᠦᠷ ᠢᠲᠡᠨ᠎ᠡ ᠭᠡᠵᠦ ᠠᠶᠠᠭ᠎ᠠ ᠲᠠᠢ ᠬᠤᠭᠤᠯᠠᠨ ᠳᠠᠭᠠᠨ ᠰᠠᠪᠬ᠎ᠠ ᠪᠠᠨ ᠬᠠᠳᠬᠤᠵᠤ ᠳᠠᠯᠪᠢᠬᠤ ᠶᠢ ᠴᠡᠭᠡᠷᠯᠡᠬᠦᠯᠲᠡᠭ ᠠᠬᠠᠮᠠᠳ ᠬᠦᠮᠥᠨ ᠳᠤ ᠴᠢᠨᠢ ᠮᠠᠭᠤ ᠬᠡᠵᠦ ᠲᠡᠪᠡᠯ ᠤᠨ ᠵᠠᠭᠠᠮ᠎ᠠ ᠪᠠᠨ ᠬᠠᠵᠠᠬᠤ ᠶᠢ ᠴᠡᠭᠡᠷᠯᠡᠬᠦᠯᠲᠡᠭ᠃ ᠡᠵᠢ ᠠᠪᠤ ᠳᠤ ᠴᠢᠨᠢ ᠮᠠᠭᠤ ᠭᠡᠵᠦ ᠡᠩᠭᠡᠷ ᠪᠠ ᠰᠢᠯᠪᠢ ᠪᠠᠨ ᠬᠠᠵᠠᠬᠤ ᠶᠢ ᠴᠡᠭᠡᠷᠯᠡᠬᠦᠯᠲᠡᠭ᠃ ᠬᠤᠵᠢᠬᠢᠷ ᠪᠤᠯᠤᠨ᠎ᠠ ᠭᠡᠵᠦ ᠲᠦᠬᠦᠬᠡᠢ ᠴᠢᠮᠬᠢᠮᠡᠯ ︵ᠪᠠᠩᠰᠢ︶ ᠢ ᠳᠤᠭᠠᠯᠠᠬᠤ ᠶᠢ ᠴᠡᠭᠡᠷᠯᠡᠬᠦᠯᠲᠡᠭ᠃ ᠭᠠᠷ ᠨᠢ ᠴᠡᠴᠡᠷᠡᠬᠡᠢ ᠪᠤᠯᠬᠤ ᠭᠡᠵᠦ ᠨᠠᠭᠠᠴᠤ ᠪᠠᠨ ᠴᠤᠬᠢᠬᠤ ᠶᠢ ᠴᠡᠭᠡᠷᠯᠡᠬᠦᠯᠲᠡᠭ᠃ ᠶᠠᠮᠠᠷ ᠠᠮᠢᠳᠠᠨ ᠢ ᠰᠠᠶᠢᠬᠠᠨ ᠭᠡᠪᠡᠯ ᠳᠠᠷᠠᠭ᠎ᠠ ᠲᠦᠷᠦᠯ ᠳᠡᠭᠡᠨ ᠲᠡᠶᠢᠮᠥ ᠠᠮᠢᠳᠠᠨ ᠪᠤᠯᠵᠤ ᠲᠦᠷᠦᠨ᠎ᠡ ᠭᠡᠵᠦ ᠠᠳᠤᠭᠤᠰᠤ ᠠᠮᠢᠳᠠᠨ᠂ ᠠᠷᠢᠶᠠᠳᠠᠨ ᠵᠢᠬᠦᠷᠲᠡᠨ ᠢ ᠰᠠᠶᠢᠬᠠᠨ ᠭᠡᠵᠦ ᠬᠡᠯᠡᠬᠦ ᠶᠢ ᠴᠡᠭᠡᠷᠯᠡᠭᠦᠯᠲᠡᠭ᠃ ᠬᠠᠷᠢᠶᠠᠴᠠᠢ ᠶᠢᠨ ᠡᠬᠦᠷ ᠢ ᠬᠦᠨᠳᠡᠪᠡᠯ ᠴᠢᠷᠠᠢ ᠴᠢᠨᠢ ᠴᠤᠬᠤᠷᠳᠠᠵᠤ ᠭᠠᠷ ᠲᠡᠭᠡᠷ᠎ᠡ ᠴᠢᠨᠢ ᠦ ᠭᠠᠷᠤᠨ᠎ᠠ ᠬᠡᠵᠦ ᠠᠮᠢᠳᠠᠨ ᠵᠢᠭᠦᠷᠲᠡᠨ ᠢ ᠬᠠᠶᠢᠷᠠᠯᠠᠬᠤ ᠶᠢ ᠰᠤᠷᠭᠠᠳᠠᠭ᠃ ᠴᠡᠴᠡᠭ ᠬᠤᠸᠠᠷ ᠢ ᠳᠠᠰᠤᠳᠠᠵᠤ ᠳᠠᠯᠬᠢᠭᠳᠠᠪᠠᠯ ᠵᠢᠰᠤ ᠴᠢᠨᠢ ᠮᠠᠭᠤᠬᠠᠢ ᠪᠤᠯᠤᠨ᠎ᠠ ᠬᠡᠵᠦ ᠡᠪᠡᠰᠦ ᠣᠷᠭᠤᠮᠠᠯ ᠪᠤᠶᠤ ᠣᠷᠴᠢᠨ ᠪᠠᠶᠢᠭᠠᠯᠢ ᠶᠢ ᠬᠠᠶᠢᠷᠠᠯᠠᠬᠤ ᠶᠢ ᠰᠤᠷᠭᠠᠳᠠᠭ᠃ ᠬᠤᠳᠠᠯ ᠬᠡᠯᠡᠪᠡᠯ ᠬᠡᠯᠨ ᠶᠢ ᠴᠢᠨᠢ ᠬᠠᠭᠠᠷᠢᠨ᠎ᠠ ᠭᠡᠵᠦ ᠬᠤᠳᠠᠯ ᠬᠡᠯᠡᠬᠦᠯᠲᠡᠭ ᠦᠬᠡᠢ᠃ ᠬᠤᠯᠠᠭᠠᠢ ᠬᠢᠪᠡᠯ ᠬᠤᠷᠤᠭᠤ ᠶᠢ ᠴᠢᠨᠢ ᠣᠭᠳᠤᠯᠤᠨ᠎ᠠ ᠭᠡᠵᠦ ᠬᠤᠯᠠᠭᠠᠢ ᠬᠢᠯᠭᠡᠲᠡᠭ ᠦᠬᠡᠢ᠃ ᠨᠤᠬᠠᠢ ᠶᠢᠨ ᠬᠠᠵᠠᠬᠤ ᠠᠴᠠ ᠪᠤᠯᠭᠤᠮᠵᠢᠯᠠᠵᠤ ᠦᠮᠥᠲᠦᠨ ᠠᠯᠨ ᠨᠢ ᠰᠡᠲᠡᠷᠡᠨ᠎ᠡ ᠬᠡᠵᠦ ᠬᠡᠦᠬᠡᠳ ᠲᠤ ᠨᠤᠬᠠᠢ ᠤᠨᠤᠭᠤᠯᠳᠠᠭ ᠦᠬᠡᠢ᠃ ᠬᠦᠮᠥᠨ ᠳᠠᠭᠤᠳᠠᠪᠠᠯ ︽ᠵᠠ︾ ᠪᠤᠶᠤ ︽ᠠ︾ ᠬᠡᠵᠦ ᠬᠦᠯᠢᠶᠡᠨ ᠰᠤᠨᠤᠰᠬᠤ ᠶᠤᠮ ᠰᠢᠦ᠂ ᠠᠬᠠᠮᠠᠳ ᠬᠦᠮᠥᠨ ᠲᠠᠢ ᠶᠠᠷᠢᠬᠤ ᠳᠠᠭᠠᠨ ᠠᠪᠠᠭ᠎ᠠ ᠪᠤᠯᠪᠠᠯ ︽ᠠᠪᠠᠭ᠎ᠠ ᠡ︾᠂ ᠡᠭᠡᠴᠢ ᠪᠤᠯᠪᠠᠯ ︽ᠡᠭᠡᠴᠢ ᠡ︾ ᠬᠡᠵᠦ ᠳᠠᠭᠤᠳᠠᠨ ᠪᠠᠶᠢᠵᠤ ᠶᠠᠷᠢᠬᠤ ᠶᠤᠮ ᠰᠢᠦ᠂ ᠦᠬᠡᠶᠢᠬᠦᠦ ᠶᠠᠳᠠᠭᠤ ᠶᠢ ᠲᠡᠮᠵᠢᠵᠦ᠂ ᠡᠪᠡᠳᠴᠢᠳᠠᠨ ᠵᠤᠪᠠᠯᠠᠩᠳᠠᠨ ᠢ ᠬᠠᠷᠠᠭᠠᠯᠵᠠᠵᠤ᠂ ᠠᠬᠠᠮᠠᠳ ᠨᠠᠰᠤᠳᠠᠳ ᠢ ᠬᠦᠨᠳᠦᠯᠡᠵᠦ᠂ ᠠᠬ᠎ᠠ ᠲᠡᠬᠦᠦ ᠨᠠᠷ ᠲᠠᠢ ᠪᠠᠨ ᠡᠶ᠎ᠡ ᠲᠠᠢ ᠶᠠᠪᠤᠬᠤ ᠶᠤᠮ ᠰᠢᠦ ᠂ ᠬᠤᠳᠠᠯ ᠦᠬᠡ ᠬᠡᠯᠡᠵᠦ ᠬᠤᠪ ᠬᠤᠩᠰᠢᠶᠠᠷ ᠵᠦᠭᠡᠭᠡᠵᠦ ᠪᠤᠯᠬᠤ ᠦᠬᠡᠢ ᠶᠤᠮ ᠰᠢᠦ᠂ ᠶᠠᠰᠤ ᠪᠠᠨ ᠬᠤᠭᠤᠯᠬᠤ ᠠᠴᠠ ᠪᠢᠰᠢ ᠨᠡᠷ᠎ᠡ ᠪᠠᠨ ᠬᠤᠭᠤᠯᠵᠤ ᠪᠤᠯᠳᠠᠭ ᠦᠬᠡᠢ ᠶᠤᠮ ᠰᠢᠦ᠂ ᠶᠡᠭᠡ ᠬᠦᠮᠥᠨ ᠤ ᠵᠤᠭᠤᠭ ᠲᠤ ᠦᠬᠡ ᠲᠦᠷᠢᠵᠦ ᠪᠤᠯᠬᠤ ᠦᠬᠡᠢ ᠶᠤᠮ ᠰᠢᠦ᠂ ᠣᠮᠤᠷᠬᠠᠭᠯᠠᠵᠤ ᠪᠠᠷᠳᠠᠮᠨᠠᠵᠤ ᠪᠤᠯᠬᠤ ᠦᠬᠡᠢ ᠶᠤᠮ ᠰᠢᠦ᠂ ᠰᠠᠶᠢᠨ ᠰᠠᠨᠠᠭ᠎ᠠ ᠳᠠᠯ᠎ᠠ ᠶᠢ ᠳᠤᠭᠤᠷᠢᠨ᠎ᠠ᠂ ᠮᠠᠭᠤ ᠰᠠᠨᠠᠭ᠎ᠠ ᠪᠡᠶ᠎ᠡ ᠶᠢ ᠳᠤᠭᠤᠷᠢᠨ᠎ᠠ ᠭᠡᠲᠡᠭ ᠶᠤᠮ ᠰᠢᠦ᠂ ᠰᠠᠶᠢᠨ ᠰᠠᠨᠠᠭ᠎ᠠ ᠶᠢᠨ ᠦᠵᠦᠬᠦᠷ ᠰᠦ᠂ ᠮᠠᠭᠤ ᠰᠠᠨᠠᠭ᠎ᠠ ᠶᠢᠨ ᠦᠵᠦᠬᠦᠷ ᠬᠦ᠋ ᠬᠡᠲᠡᠭ ᠶᠤᠮ ᠰᠢᠦ᠂ ᠣᠯᠵᠠᠯᠠᠭᠰᠠᠨ ᠶᠠᠭᠤᠮ᠎ᠠ ᠶᠢ ᠡᠵᠡᠨ ᠳᠤᠨᠢ ᠪᠤᠴᠠᠭᠠᠬᠤ ᠶᠤᠮ ᠰᠢᠦ᠂ ᠨᠢᠭᠤᠷ ᠦᠬᠡᠢ ᠣᠯᠵᠠ ᠠᠴᠠ ᠨᠢᠭᠤᠷ ᠲᠠᠢ ᠭᠠᠷᠤᠵᠠ ᠲᠡᠭᠡᠷ᠎ᠡ ᠭᠡᠲᠡᠭ ᠶᠤᠮ ᠰᠢᠦ᠂ ᠲᠡᠭᠡᠲᠦ ᠶᠢ ᠪᠢᠲᠡᠭᠡᠢ ᠪᠢᠯᠳᠠᠤᠴᠢᠯᠨ᠂ ᠳᠤᠤᠷᠠᠳᠤ ᠶᠢ ᠪᠤᠤ ᠳᠠᠷᠤᠯᠨ ᠁ ᠬᠡᠬᠦᠴᠢᠯᠡᠨ ᠶᠤᠰᠤ ᠮᠤᠷᠠᠯ ᠤᠨ ᠬᠦᠮᠥᠵᠢᠯ ᠳᠤ ᠵᠠᠩᠰᠢᠭᠤᠯᠳᠠᠭ ᠠᠶᠢᠯ ᠠᠶᠢᠮᠠᠭ ᠤᠨ ᠠᠮᠢ ᠨᠢ ᠨᠢᠭᠡ ᠶᠤᠮ ᠰᠢᠦ᠂ ᠠᠯᠤᠰ ᠤᠨ ᠪᠤᠷᠬᠠᠨ ᠠᠴᠠ ᠠᠶᠢᠯ ᠤᠨ ᠴᠢᠳᠬᠦᠷ ᠲᠡᠭᠡᠷ᠎ᠡ ᠬᠡᠲᠡᠭ ᠶᠤᠮ ᠰᠢᠦ᠂ ᠬᠤᠯᠨ ᠶᠢᠨ ᠲᠦᠷᠦᠯ ᠠᠴᠠ ᠬᠠᠪᠢ ᠶᠢᠨ ᠰᠠᠭᠠᠬᠠᠯᠳᠠ ᠬᠡᠲᠡᠭ ᠶᠤᠮ ᠰᠢᠦ᠂ ᠠᠯᠤᠰ ᠠᠴᠠ ᠡᠷᠢᠬᠦ ᠪᠠᠷ ᠠᠶᠢᠯ ᠠᠴᠠ ᠪᠠᠨ ᠡᠷᠢᠬᠦ ᠶᠤᠮ ᠰᠢᠦ ᠁ ᠭᠡᠬᠦᠴᠢᠯᠡᠨ ᠠᠶᠢᠯ ᠠᠶᠢᠮᠠᠭ ᠤᠨ ᠬᠢᠨ ᠲᠠᠢ ᠪᠠᠨ ᠡᠶ᠎ᠡ ᠨᠠᠶᠢᠷ ᠲᠠᠢ᠂ ᠬᠦᠷᠰᠢ ᠵᠡᠷᠭᠡᠯᠡᠲᠡᠭᠡ ᠶᠢᠨ ᠬᠢᠨ ᠳᠡᠭᠡᠨ ᠬᠠᠮᠵᠢ ᠲᠡᠮᠵᠢ ᠲᠠᠢ ᠶᠠᠪᠤᠬᠤ ᠶᠢ ᠰᠤᠷᠭᠠᠳᠠᠭ᠃ ᠬᠡᠦᠬᠡᠳ ᠤᠨ ᠣᠢ ᠳᠤᠯᠬᠤ ᠠᠴᠠ ᠡᠮᠥᠨᠡᠬᠢ ᠨᠠᠰᠤ ᠶᠢ ᠰᠦ ᠨᠠᠰᠤ ︵ᠰᠦ ᠬᠦᠬᠦᠲᠡᠭ ᠨᠠᠰᠤ ᠭᠡᠰᠡᠨ ᠤᠳᠬ᠎ᠠ ᠲᠠᠢ︶ ᠬᠡᠵᠦ ᠬᠡᠯᠡᠲᠡᠭ ᠠᠴᠠ ᠪᠢᠰᠢ ᠬᠠᠭᠤᠷᠮᠠᠭ ᠨᠠᠰᠤ ᠭᠡᠵᠦ ᠬᠡᠯᠡᠲᠡᠭ ᠦᠬᠡᠢ᠃ ᠬᠡᠦᠬᠡᠳ ᠢ ᠴᠢᠬᠢᠮᠡᠢ ᠬᠡᠵᠦ ᠬᠡᠯᠡᠲᠡᠭ ᠠᠴᠠ ᠪᠢᠰᠢ ᠬᠦᠨᠳᠦ ᠬᠡᠵᠦ ᠬᠡᠯᠡᠲᠡᠭ ᠦᠬᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号