ᠮᠤᠩᠭᠤᠯᠴᠤᠳ ᠤᠨ ᠨᠤᠮᠤ ᠰᠤᠮᠤ ᠶᠢ ᠡᠷᠬᠢᠮᠯᠠᠨ ᠲᠡᠭᠡᠳᠤᠯᠡᠭᠦ ᠶᠤᠰᠤᠨ
ᠨᠡᠶᠢᠲᠡᠯᠡᠭᠰᠡᠨ ᠴᠠᠭ᠄
2019/12/11
         ᠮᠤᠩᠭᠤᠯᠴᠤᠳ ᠡᡁᠦ᠋ᠡᠭᠨᠤ ᠰᠢᠶᠠᠨᠪᠢ ᠶᠢᠨ ᠦᠶ᠎ᠠ ᠠᠴᠠ ᠨᠤᠮᠤ ᠰᠤᠮᠤ ᠶᠢ ᠦᠷᠭᠡᠨ ᠢᠶᠠᠷ ᠬᠡᠷᠡᠭᠯᠡᠵᠤ ︽ᠬᠦᠴᠤᠳᠤ ᠬᠦᠯᠦᠭ ᠬᠦᠪᠴᠢᠳᠤ ᠨᠤᠮᠤ︾ ᠪᠠᠷ ᠢᠶᠠᠨ ᠲᠠᠯᠡᠭᠡᠢ ᠳ᠋ᠡᠬᠢᠨ ᠢ ᠲᠤᠩᠰᠤᠯᠭᠠᠨ ᠶᠠᠪᠤᠵᠤ ᠦᠪᠡᠷᠰᠡᠳ ᠤᠨ ᠭᠠᠶᠢᠬᠠᠮᠰᠢᠬᠳᠤ ᠲᠡᠤᠭᠡ ᠶᠢ ᠪᠦᠳᠦᠭᠡᠭᠰᠡᠨ ᠪᠦᠭᠡᠳ ᠬᠦᠮᠤᠨ ᠲᠦᠷᠦᠯᠬᠢᠳᠠᠨ ᠤ ᠴᠡᠷᠢᠭ ᠲᠠᠶᠢᠨ ᠤ ᠬᠦᠭᠵᠢᠯ ᠤᠨ ᠲᠡᠤᠭᠡᠨ ᠳᠤ ᠬᠤᠤᠰ ᠦᠭᠡᠢ ᠶᠡᠭᠡ ᠦᠢᠯᠡᠳᠤᠯ ᠦᠵᠡᠭᠦᠯᠵᠠᠢ᠃ ᠨᠤᠮᠤ ᠰᠤᠮᠤ ᠨᠢ ᠲᠡᠤᠭᠡ ᠶᠢᠨ ᠬᠦᠭᠵᠢᠯ ᠤᠨ ᠶᠠᠪᠤᠴᠠ ᠳᠤ ᠮᠤᠩᠭᠤᠯᠴᠤᠳ ᠤᠨ ᠠᠩᠨᠠᠬᠤ ᠠᠮᠢᠳᠤᠷᠠᠯ ᠤᠨ ᠪᠠᠭᠠᠵᠢ᠂ ᠠᠮᠢ ᠨᠠᠰᠤ ᠶᠢᠨ ᠰᠠᠬᠢᠭᠤᠰᠤ᠂ ᠲᠠᠶᠢᠨ ᠪᠠᠶᠢᠯᠳᠤᠭᠠᠨ ᠤ ᠵᠡᠪᠰᠡᠭ᠂ ᠲᠠᠶᠢᠪᠤᠡᠭ ᠴᠠᠭ ᠤᠨ ᠨᠠᠭᠠᠳᠤᠮ᠂ ᠬᠡᠤᠭᠡᠳ ᠢᠶᠠᠨ ᠰᠤᠷᠭᠠᠳᠠᠭ ᠪᠢᠴᠢᠭ᠂ ᠬᠦᠴᠤᠳᠠᠨ ᠢ  ᠰᠤᠩᠭᠤᠳᠠᠭ ᠰᠢᠯᠭᠠᠭᠤᠷ᠂ ᠪᠠᠶᠠᠷ ᠨᠠᠶᠢᠷ ᠤᠨ ᠮᠠᠩᠯᠠᠢ᠂ ᠪᠡᠯᠭᠡ ᠲᠡᠮᠪᠠᠷᠢᠯ ᠤᠨ ᠬᠤᠷᠤᠢ ᠪᠤᠯᠵᠤ ᠢᠷᠠᠵᠠᠢ᠃       ᠨᠤᠮᠤ ᠰᠤᠮᠤ ᠪᠠᠷ ᠬᠡᠤᠭᠡᠳ ᠰᠤᠷᠭᠠᠬᠤ᠃ ᠮᠤᠩᠭᠤᠯᠴᠤᠳ ᠨᠤᠮᠤ ᠰᠤᠮᠤ ᠪᠠᠷ ᠬᠡᠤᠭᠡᠳ ᠢᠶᠠᠨ ᠰᠤᠷᠭᠠᠳᠠᠭ ᠪᠢᠴᠢᠭ ᠪᠤᠯᠭᠠᠵᠤ ᠪᠠᠶᠢᠵᠠᠢ᠃ ︽ᠠᠯᠤᠩᠭᠤᠸ᠎ᠠ ᠡᠭᠡ ᠁ ᠲᠠᠪᠤᠨ ᠬᠦᠤ ᠪᠠᠨ ᠵᠡᠷᠭᠡᠴᠡᠭᠦᠯᠤᠨ ᠰᠠᠭᠤᠯᠭᠠᠵᠤ ᠬᠦᠮᠤᠨ ᠪᠦᠷᠢ ᠳᠤ ᠨᠢᠵᠡᠭᠡᠳ ᠮᠦᠰᠤ ︵ᠰᠤᠮᠤ︶ ᠦᠭᠴᠤ ᠡᠭᠦᠨ ᠢ ᠬᠤᠭᠤᠯᠤᠬᠳᠤᠨ ᠬᠡᠰᠡᠨ ᠳᠤ ᠨᠢᠵᠡᠭᠡᠳ ᠮᠦᠰᠤ ᠶᠢ ᠲᠡᠳᠠ ᠨᠠᠷ ᠲᠤᠤᠷ᠎ᠠ ᠨᠢ ᠬᠤᠭᠤᠴᠢᠵᠤ ᠤᠷᠬᠢᠯ᠎ᠠ᠃ ᠠᠯᠤᠩᠭᠤᠸ᠎ᠠ ᠡᠭᠡ ᠪᠠᠰᠠ ᠲᠠᠪᠤᠨ ᠮᠦᠰᠤ ᠶᠢ ᠬᠠᠮᠳᠤᠳᠬᠠᠨ ᠪᠠᠭᠯᠠᠵᠤ ᠬᠡᠤᠭᠡᠳ ᠲᠡᠭᠡᠨ ᠡᠭᠦᠨ ᠢ ᠬᠤᠭᠤᠯᠤᠬᠳᠤᠨ ᠬᠡᠵᠤ ᠦᠭᠪᠠ᠃ ᠡᠨᠡ ᠬᠠᠮᠳᠤᠳᠬᠠᠨ ᠪᠠᠭᠯᠠᠬᠰᠠᠨ ᠲᠠᠪᠤᠨ ᠮᠦᠰᠤ ᠶᠢ ᠲᠠᠪᠤᠨ ᠬᠦᠤ ᠨᠢ ᠬᠦᠮᠤᠨ ᠪᠦᠷᠢ ᠲᠤᠭᠤᠷᠢᠭᠤᠯᠤᠨ ᠪᠠᠷᠢᠵᠤ ᠬᠤᠭᠤᠯᠤᠶ᠎ᠠ ᠬᠡᠵᠤ ᠴᠢᠷᠮᠠᠶᠢᠭᠠᠳ ᠬᠤᠭᠤᠯᠵᠤ ᠴᠢᠳᠠᠬᠰᠠᠨ ᠦᠭᠡᠢ᠃ ᠠᠯᠤᠩᠭᠤᠸ᠎ᠠ ᠡᠭᠡ ᠲᠠᠪᠤᠨ ᠬᠦᠤ ᠳᠡᠭᠡᠨ᠂ ᠲᠠ ᠲᠠᠪᠤᠭᠤᠯᠠ ᠪᠦᠷ ᠭᠠᠭᠴᠠ ᠮᠢᠨᠤ ᠬᠡᠪᠡᠯᠢ ᠠᠴᠠ ᠲᠦᠷᠦᠭᠰᠡᠨ ᠰᠢᠤ ᠳ᠋ᠠ᠃ ᠡᠶᠢᠮᠤ ᠠᠴᠠ ᠲᠠ ᠨᠠᠷ ᠲᠤᠭᠠᠷ ᠤᠨ ᠲᠠᠪᠤᠨ ᠮᠦᠰᠤ ᠮᠡᠳᠤ  ᠬᠡᠷᠪᠠ ᠭᠠᠭᠴᠠ ᠭᠠᠭᠴᠠ ᠪᠠᠷ ᠢᠶᠠᠨ ᠠᠮᠢ ᠬᠤᠪᠢ ᠪᠠᠨ ᠪᠤᠳᠤᠭᠠᠳ ᠶᠠᠪᠤᠳᠠᠭ ᠪᠤᠯ ᠲᠠᠷᠠ ᠭᠦ ᠨᠢᠭᠡᠨ ᠮᠦᠰᠤ ᠰᠢᠭ ᠬᠡᠨ ᠳᠤ ᠴᠤ ᠬᠡᠳ ᠲᠤᠩ ᠬᠢᠯᠪᠠᠷ ᠢᠶᠠᠷ ᠢᠯᠠᠬᠳᠠᠬᠤ ᠪᠤᠯᠤᠨ᠎ᠠ ᠰᠢᠤ᠂ ᠬᠡᠷᠪᠠ ᠲᠠ ᠨᠠᠷ ᠬᠠᠮᠳᠤᠳᠬᠠᠨ ᠪᠠᠭᠯᠠᠬᠰᠠᠨ ᠲᠠᠪᠤᠨ ᠮᠦᠰᠤ ᠮᠡᠳᠤ ᠬᠠᠮᠳᠤ ᠪᠠᠷ ᠢᠶᠠᠨ ᠡᠪ ᠡᠶ᠎ᠡ ᠲᠠᠢ ᠶᠠᠪᠤᠳᠠᠭ ᠪᠤᠯ ᠬᠡᠨ ᠬᠦᠮᠤᠨ ᠳᠤ ᠬᠡᠳ ᠲᠡᠶᠢᠮᠤ ᠬᠢᠯᠪᠠᠷᠬᠠᠨ ᠢᠶᠠᠷ ᠲᠡᠶᠢᠯᠦᠭᠳᠡᠭᠦ ᠦᠭᠡᠢ ᠶᠤᠮ︾ ᠬᠡᠵᠤ ᠰᠤᠷᠭᠠᠵᠠᠢ᠃ ᠬᠤᠵᠢᠮ ᠨᠢ ᠦᠭᠡᠯᠤᠨ ᠦᠵᠢᠨ ᠡᠭᠡ᠂ ᠲᠡᠮᠤᠵᠢᠨ ᠠᠬ᠎ᠠ ᠲᠡᠭᠦᠦ ᠲᠦᠷᠪᠡᠭᠦᠯᠠ ᠪᠠᠨ ᠨᠢᠭᠡ ᠤᠳᠠᠭ᠎ᠠ ᠵᠢᠭᠠᠰᠤ ᠪᠤᠯᠢᠶᠠᠯᠳᠤᠵᠤ᠂ ᠬᠤᠭᠤᠷᠤᠨᠳᠤ ᠪᠠᠨ ᠡᠶ᠎ᠡ ᠡᠪᠳᠠᠷᠠᠵᠤ ᠮᠠᠭᠤᠳᠠᠯᠴᠠᠬᠰᠠᠨ ᠢ ᠮᠡᠳᠡᠭᠡᠳ ᠠᠯᠤᠩᠭᠤᠸ᠎ᠠ ᠡᠭᠡ ᠶᠢᠨ ᠲᠠᠪᠤᠨ ᠬᠦᠪᠡᠭᠦᠨ ᠢᠶᠠᠨ ᠰᠤᠷᠭᠠᠬᠰᠠᠨ ᠦᠭᠡ ᠠᠴᠠ ᠡᠰᠢ ᠲᠠᠳᠠᠵᠤ ᠲᠡᠮᠤᠵᠢᠨ᠂ ᠬᠠᠰᠠᠷ ᠢ ᠵᠢᠮᠠᠯᠠᠨ ᠰᠤᠷᠭᠠᠵᠠᠢ᠃ ᠡᠨᠡ ᠭᠦ ᠦᠷ᠎ᠠ ᠬᠡᠤᠭᠡᠳ ᠤᠨ ᠢᠶᠠᠨ ᠪᠦᠯᠭᠦᠮᠳᠠᠭᠦ ᠶᠢ ᠴᠢᠩᠳᠠᠯᠠᠵᠤ᠂ ᠬᠠᠭᠠᠴᠠᠬᠤ ᠶᠢ ᠴᠡᠭᠡᠷᠯᠡᠭᠦᠯᠦᠭᠰᠡᠨ ︽ᠲᠠᠪᠤᠨ ᠰᠤᠮᠤ ᠶᠢᠨ ᠰᠤᠷᠭᠠᠯ ᠦᠯᠢᠭᠡᠷ︾ ᠢ ᠮᠤᠩᠭᠤᠯᠴᠤᠳ ᠰᠤᠷᠤᠬᠴᠢᠳ ᠤᠨ ᠬᠢᠴᠢᠶᠠᠯ ᠤᠨ ᠪᠢᠴᠢᠭ ᠲᠤ ᠨᠠᠶᠢᠷᠠᠭᠤᠯᠤᠨ ᠤᠷᠤᠭᠤᠯᠵᠤ᠂ ᠬᠦᠮᠤᠨ ᠪᠤᠯᠬᠤ ᠶᠢᠨ ᠤᠬᠠᠭᠠᠨ᠂ ᠦᠢᠯᠡᠰ ᠪᠦᠳᠦᠭᠡᠭᠦ ᠶᠤᠰᠤ ᠶᠢ ᠵᠢᠭᠠᠳᠠᠭ ᠪᠤᠯᠵᠠᠢ᠃         ᠨᠤᠮᠤ ᠰᠤᠮᠤ ᠪᠠᠷ ᠬᠦᠴᠤᠳᠠᠨ ᠰᠤᠩᠭᠤᠬᠤ᠃ ᠮᠤᠩᠭᠤᠯᠴᠤᠳ ᠨᠤᠮᠤ ᠰᠤᠮᠤ ᠪᠠᠷ ᠬᠦᠴᠤᠳᠠᠨ ᠢ ᠰᠤᠩᠭᠤᠳᠠᠭ ᠰᠢᠯᠭᠠᠯᠳᠠ ᠪᠤᠯᠭᠠᠳᠠᠭ᠃ ᠡᠷᠳᠡᠨ ᠤ ᠮᠤᠩᠭᠤᠯᠴᠤᠳ ᠤᠨ ᠵᠠᠩᠰᠢᠯ ᠳᠤ ᠬᠠᠷᠪᠤᠵᠤ ᠨᠠᠮᠨᠠᠬᠤ ᠳᠠᠭᠠᠨ ᠮᠡᠷᠭᠡᠨ᠂ ᠲᠠᠶᠢᠨ ᠪᠠᠶᠢᠯᠳᠤᠭᠠᠨ ᠳᠤ ᠭᠠᠷᠮᠠᠭᠠᠢ ᠬᠦᠮᠤᠰ ᠬᠠᠨ ᠡᠷᠭᠦᠮᠵᠢᠯᠡᠭᠳᠡᠳᠡᠭ᠃ ᠬᠠᠪᠤᠯ ᠬᠠᠨ ᠤ ︽ᠬᠠᠮᠤᠭ ᠮᠤᠩᠭᠤᠯ ᠤᠨ ᠬᠠᠨ︾ ᠡᠷᠭᠦᠮᠵᠢᠯᠡᠭᠳᠡᠭᠰᠡᠨ ᠪᠠ ᠬᠠᠪᠤᠯ ᠬᠠᠨ ᠨᠠᠰᠤ ᠪᠠᠷᠠᠬᠤ ᠦᠶ᠎ᠠ ᠳᠡᠭᠡᠨ ᠬᠠᠨ ᠤᠷᠤ ᠪᠠᠨ ᠦᠪᠡᠷ ᠤᠨ ᠲᠤᠯᠤᠭᠠᠨ ᠬᠦᠤ ᠶᠢᠨ ᠢᠶᠠᠨ ᠬᠡᠨ ᠳᠤᠨᠢ ᠴᠤ ᠤᠯᠠᠮᠵᠢᠯᠠᠬᠰᠠᠨ ᠦᠭᠡᠢ ᠬᠠᠷᠢᠨ ᠲᠡᠭᠦᠨ ᠤ ᠲᠦᠷᠦᠯ ᠤᠨ ᠲᠡᠭᠦᠦ ᠠᠮᠪᠠᠭᠠᠢ ᠳᠤ  ᠤᠯᠠᠮᠵᠢᠯᠠᠬᠰᠠᠨ ᠨᠢ ᠲᠡᠭᠦᠨ ᠤ ᠡᠷ᠎ᠠ ᠶᠢᠨ ᠰᠠᠶᠢᠨ ᠡᠷᠡᠭᠡᠢ ᠶᠢᠨ ᠮᠡᠷᠭᠡᠨ ᠢᠶᠠᠷ ᠢᠶᠠᠨ ᠦᠭᠡᠷ᠎ᠠ ᠪᠤᠰᠤᠳ ᠠᠴᠠ ᠰᠢᠯᠭᠠᠷᠠᠬᠰᠠᠨ ᠳᠤ ᠪᠠᠶᠢᠬᠤ ᠶᠤᠮ᠃ ︽ᠴᠢᠩᠬᠢᠰ ᠤᠨ ᠲᠤᠪᠴᠢᠶᠠᠨ︾ ᠤ ︽ᠴᠢᠩᠬᠢᠰ ᠬᠠᠭᠠᠨ ᠵᠠᠪᠠ ᠯᠦᠭᠡ ᠨᠦᠭᠦᠷᠯᠡᠭᠰᠡᠨ ᠨᠢ︾ ᠬᠡᠰᠡᠨ ᠪᠦᠯᠦᠭ ᠠᠴᠠ ᠲᠤᠪᠴᠢᠯᠠᠨ ᠰᠠᠶᠢᠷᠠᠭᠦᠯᠪᠠᠯ᠂ ᠬᠦᠢᠳᠠᠨ ᠤ ᠪᠠᠶᠢᠯᠳᠤᠭᠠᠨ ᠳᠤ ᠵᠢᠷᠭᠤᠭᠠᠳᠠᠢ ᠲᠡᠷᠳᠡᠭᠡ ᠠᠭᠤᠯᠠ ᠠᠴᠠ ᠴᠢᠩᠬᠢᠰ ᠬᠠᠭᠠᠨ ᠢ ᠬᠠᠷᠪᠤᠵᠤ ᠬᠦᠵᠤᠭᠦᠦ ᠶᠢ ᠨᠢ ᠰᠢᠷᠬᠠᠳᠤᠭᠤᠯᠵᠠᠢ᠃ ᠲᠡᠭᠡᠪᠠᠴᠤ ᠲᠠᠶᠢᠨ ᠤ ᠲᠠᠷᠠᠭ᠎ᠠ ᠲᠠᠭᠠᠷ᠎ᠠ ᠢᠷᠡᠭᠰᠡᠨ ᠳᠤ ᠴᠢᠩᠬᠢᠰ ᠬᠠᠭᠠᠨ ᠲᠡᠭᠦᠨ ᠤ ᠦᠨᠡᠨᠴᠢ ᠰᠢᠳᠤᠷᠭᠤ ᠪᠦᠭᠡᠳ ᠬᠠᠷᠪᠤᠭ᠎ᠠ ᠨᠠᠮᠨᠠᠭ᠎ᠠ ᠳᠠᠭᠠᠨ ᠰᠢᠯᠭᠠᠷᠠᠬᠰᠠᠨ ᠪᠠᠭᠠᠳᠤᠷ ᠬᠦᠴᠤᠳᠠᠨ ᠪᠤᠯᠬᠤ ᠶᠢ ᠦᠵᠡᠭᠡᠳ ᠮᠠᠰᠢ ᠰᠠᠶᠢᠰᠢᠶᠠᠨ ᠵᠢᠷᠭᠤᠭᠠᠳᠠᠢ ᠬᠡᠰᠡᠨ ᠨᠠᠷ᠎ᠠ ᠶᠢ ᠨᠢ ᠬᠠᠯᠠᠵᠤ᠂ ︽ᠵᠠᠪᠠ︾ ᠬᠡᠳᠡᠭ ᠨᠠᠷ᠎ᠠ ᠬᠠᠶᠢᠷᠠᠯᠠᠭᠠᠳ ᠦᠪᠡᠷ ᠤᠨ ᠶᠢᠰᠤᠨ ᠦᠷᠯᠦᠭ᠂ ᠲᠦᠷᠪᠠᠨ ᠬᠤᠰᠢᠭᠤᠴᠢ ᠶᠢᠨ ᠢᠶᠠᠨ ᠨᠢᠭᠡ ᠪᠤᠯᠭᠠᠵᠠᠢ᠃ ︽ᠮᠤᠩᠭᠤᠯ ᠤᠨ ᠵᠠᠩ ᠰᠤᠷᠳᠠᠬᠤᠨ ᠤ  ᠲᠡᠮᠳᠡᠭᠯᠡᠯ︾ ᠳᠤ᠄ ︽ᠬᠠᠷᠪᠤᠵᠤ ᠨᠠᠮᠨᠠᠬᠤ ᠳᠤ ᠤᠯᠠᠮ ᠮᠡᠷᠭᠡᠰᠢᠭᠡᠳ ᠬᠡᠵᠢᠶ᠎ᠠ ᠪᠠᠭᠠᠳᠤᠷ ᠬᠦᠴᠤᠨ ᠢᠶᠠᠷ ᠤᠯᠠᠨ ᠠᠴᠠ ᠬᠡᠳᠤᠷᠠᠪᠠᠯ ᠤᠯᠠᠨ ᠪᠦᠭᠦᠳᠡᠭᠡᠷ ᠲᠡᠭᠦᠨ ᠢ ᠶᠡᠭᠡᠯ᠎ᠠ ᠬᠦᠨᠳᠤᠳᠭᠡᠭᠦ ᠪᠤᠯᠤᠨ᠎ᠠ᠃ ᠬᠡᠳᠦ᠋ᠢᠪᠠᠷ ᠬᠠᠳ ᠲᠠᠶᠢᠵᠢ ᠨᠠᠷ ᠪᠤᠯᠪᠠᠴᠤ ᠡᠮᠤᠰᠦᠭᠰᠡᠨ ᠢᠶᠠᠨ ᠲᠠᠶᠢᠯᠵᠤ ᠡᠮᠤᠰᠭᠡᠨ᠂ ᠢᠳᠡᠭᠰᠡᠨ ᠢᠶᠠᠨ ᠦᠭᠴᠤ ᠢᠳᠡᠭᠦᠯᠦᠨ᠎ᠠ᠃ ᠪᠠᠭᠠᠳᠤᠷ ᠬᠦᠴᠤᠳᠠᠨ ᠨᠠᠷ ᠵᠠᠷᠢᠮ ᠳᠠᠭᠠᠨ ᠭᠠᠷ ᠰᠤᠩᠭᠠᠵᠤ ᠬᠤᠭᠤᠯᠠ ᠶᠢ ᠨᠢ ᠪᠤᠯᠢᠶᠠᠵᠤ ᠢᠳᠡᠪᠡᠴᠤ᠂ ᠬᠠᠳ ᠲᠠᠶᠢᠵᠢ ᠨᠠᠷ ᠨᠢ ᠮᠦᠰᠢᠶᠡᠭᠡᠳ ᠠᠭᠤᠷᠯᠠᠬᠤ ᠦᠭᠡᠢ ᠶᠤᠮ︾ ᠬᠡᠵᠤ ᠲᠡᠮᠳᠡᠭᠯᠡᠵᠠᠢ᠃         ᠨᠤᠮᠤ ᠰᠤᠮᠤ ᠪᠠᠷ ᠪᠡᠯᠭᠡᠰᠢᠶᠡᠭᠦ᠃ ᠮᠤᠩᠭᠤᠯᠴᠤᠳ ᠨᠤᠮᠤ ᠰᠤᠮᠤ ᠪᠠᠷ ᠪᠡᠯᠭᠡ ᠲᠡᠮᠪᠠᠷᠢᠯ ᠤᠨ ᠬᠤᠷᠤᠢ ᠪᠤᠯᠭᠠᠳᠠᠭ ᠃ ᠦᠡᠭᠭᠡᠷᠡᠭᠰᠡᠨ ᠳᠤ ᠨᠤᠮᠤ ᠰᠤᠮᠤ ᠨᠢ ᠮᠤᠩᠭᠤᠯᠴᠤᠳ ᠲᠤ ᠠᠯᠢᠪᠠ ᠰᠠᠶᠢᠨ ᠰᠠᠶᠢᠬᠠᠨ ᠤ ᠬᠤᠷᠤᠢ ᠲᠠᠯᠠᠯᠭ᠎ᠠ᠂ ᠡᠯᠳᠡᠪ ᠠᠳᠠ ᠴᠢᠳᠭᠦᠷ ᠤᠨ ᠲᠤᠮ ᠲᠠᠷᠤᠯᠭ᠎ᠠ ᠪᠤᠯᠤᠬᠰᠠᠨ ᠶᠤᠮ᠃ ᠬᠦᠷᠭᠡᠨ ᠮᠤᠷᠳᠠᠭᠤᠯᠬᠤ ᠳᠠᠭᠠᠨ ᠦᠪᠴᠢ ᠰᠠᠭᠠᠳᠠᠬᠯᠠᠵᠤ᠂ ᠨᠤᠮᠤ ᠰᠤᠮᠤ ᠶᠢᠨ ᠢᠷᠦᠭᠡᠯ ᠮᠠᠬᠳᠠᠭᠠᠯ ᠤᠡᠭᠰᠢᠵᠤ᠂ ᠤᠷᠤᠭ ᠬᠤᠷᠢᠮ ᠤᠨ ᠦᠯᠵᠠᠢ ᠪᠡᠯᠭᠡ ᠶᠢ ᠲᠡᠮᠪᠡᠷᠢᠯᠡᠳᠡᠭ᠃ ᠬᠦᠤ ᠲᠠᠢ ᠪᠤᠯᠪᠠᠯ ᠡᠭᠦᠳᠠᠨ ᠤ ᠪᠠᠨ ᠲᠤᠳᠤᠭᠤ ᠲᠡᠭᠡᠷ᠎ᠠ ᠨᠤᠮᠤ ᠰᠤᠮᠤ ᠡᠯᠭᠦᠵᠤ᠂ ᠦᠯᠦᠭᠡᠢ ᠶᠢᠨ  ᠬᠢᠨᠢ ᠬᠠᠷᠠᠭᠠᠨ ᠲᠡᠭᠡᠷ᠎ᠠ ᠨᠢ᠄ ︽ᠦᠯᠦᠭᠡᠢ ᠶᠢᠨ ᠴᠢᠮᠡᠭ᠂ ᠦᠷ᠎ᠠ ᠶᠢᠨ ᠮᠢᠨᠢ ᠦᠮᠦᠭ᠂ ᠪᠤᠬᠳᠠ ᠲᠡᠭᠷᠢ ᠶᠢᠨ ᠵᠡᠪᠰᠡᠭ ᠂ ᠪᠤᠭ ᠴᠢᠳᠭᠦᠷ ᠤᠨ ᠲᠠᠷᠤᠯᠭ᠎ᠠ︾ ᠬᠡᠵᠤ ᠵᠢᠵᠢᠭ ᠨᠤᠮᠤ ᠮᠦᠡᠭᠭᠦᠨ ᠰᠤᠮᠤ ᠲᠠᠢ ᠡᠯᠭᠦᠵᠤ᠂ ᠬᠦᠤ ᠶᠢᠨ ᠢᠶᠠᠨ ᠭᠠᠢ ᠪᠠᠷᠴᠢᠳ᠂ ᠡᠪᠡᠳᠴᠢᠨ ᠲᠠᠬᠤᠯ ᠦᠭᠡᠢ ᠨᠤᠮᠤ ᠰᠢᠭ᠋ ᠡᠷᠴᠢᠳᠠᠢ᠂ ᠰᠤᠮᠤ ᠰᠢᠭ᠋ ᠴᠠᠴᠠᠨ ᠬᠤᠷᠴᠠ ᠰᠠᠶᠢᠨ ᠡᠷ᠎ᠠ ᠪᠤᠯᠬᠤ ᠶᠢ ᠨᠢ ᠵᠦᠡᠭᠨᠡᠳᠡᠭ᠃ ᠬᠡᠰᠢᠭ ᠬᠤᠳᠤᠭ ᠬᠤᠷᠦ᠋ᠢᠯᠠᠵᠤ᠂ ᠬᠡᠶᠢᠮᠤᠷᠢ ᠰᠦᠯᠳᠠ ᠲᠠᠬᠢᠬᠤ ᠳᠠᠭᠠᠨ ᠴᠤ ᠰᠤᠮᠤ ᠶᠢᠨ ᠢᠶᠠᠨ ᠵᠠᠪᠠ ᠪᠤᠶᠤ ᠭᠤᠳᠤᠯᠢ ᠶᠢᠨ ᠤᠬᠯᠠᠭᠤᠷ ᠢ ᠲᠠᠪᠤᠨ ᠦᠡᠭᠭᠡ ᠶᠢᠨ ᠭᠬᠢᠪ ᠲᠤᠷᠭ᠎ᠠ ᠪᠠᠷ ᠤᠷᠢᠶᠠᠭᠠᠳ᠂ ᠬᠤᠷᠦ᠋ᠢᠯᠠᠨ ᠲᠠᠯᠠᠯᠠᠳᠠᠭ᠃ ᠨᠤᠳᠤᠭ ᠦᠵᠡᠵᠤ ᠨᠢᠷᠤᠭᠤ ᠭᠠᠷᠭᠠᠬᠤ ᠳᠠᠭᠠᠨ ᠴᠤ ᠰᠤᠮᠤ ᠪᠠᠷ ᠵᠢᠭᠠᠵᠤ ᠡᠯᠳᠡᠪ  ᠲᠦᠢᠳᠭᠡᠷ ᠢ ᠲᠠᠷᠤᠳᠠᠭ᠃ ᠵᠠᠯᠠᠬᠰᠠᠨ ᠰᠢᠳᠤᠭᠡᠨ ᠯᠠᠮᠠ ᠤᠰᠤᠨ ᠤ ᠰᠤᠳᠠᠯ ᠪᠠᠷᠢᠵᠤ᠂ ᠠᠭᠤᠯᠠᠨ ᠤ ᠪᠠᠶᠢᠴᠠ ᠶᠢ ᠰᠢᠨᠵᠢᠵᠤ ᠲᠤᠳᠤᠯᠠᠭᠠᠳ ᠰᠤᠮᠤ ᠬᠠᠳᠬᠤᠬᠰᠠᠨ ᠭᠠᠵᠠᠷ ᠲᠤᠨᠢ ᠦᠭᠯᠢᠭᠡ ᠶᠢᠨ ᠡᠵᠡᠨ ᠭᠡᠷ ᠢᠶᠠᠨ ᠪᠤᠰᠬᠠᠳᠠᠭ᠃ ᠬᠤᠵᠢᠮ ᠨᠢ ᠪᠠᠶᠢᠰᠢᠩ ᠭᠡᠷ ᠪᠠᠷᠢᠵᠤ ᠨᠢᠷᠤᠭᠤ ᠭᠠᠷᠭᠠᠬᠤ ᠳ᠋ᠠᠭᠨ ᠴᠤ ᠵᠡᠪᠠ ᠶᠢ ᠤᠯᠠᠭᠠᠨ ᠲᠤᠷᠭ᠎ᠠ ᠪᠠᠷ ᠰᠤᠯᠪᠢᠴᠠᠭᠤᠯᠤᠨ ᠤᠶᠠᠭᠠᠳ ᠭᠤᠤᠯ ᠨᠢᠷᠤᠭᠤᠨ ᠳᠠᠭᠠᠨ ᠲᠡᠭᠦᠵᠢᠯᠡᠵᠤ᠂ ᠪᠤᠷᠤᠭᠤ ᠵᠦᠭ ᠤᠨ ᠬᠢᠨ ᠤ ᠲᠠᠷᠤᠯᠭ᠎ᠠ ᠪᠤᠯᠭᠠᠳᠠᠭ᠃ ᠲᠠᠷᠠᠴᠢᠯᠠᠨ ᠠᠳᠤᠭᠤ ᠮᠠᠯ ᠪᠢᠳᠡᠭᠦᠦ ᠶᠠᠷ᠎ᠠ ᠳᠤ ᠪᠤᠭᠤᠬᠳᠠᠬᠤ ᠪᠤᠶᠤ ᠬᠡᠢ ᠬᠠᠪᠤᠳᠠᠷ ᠲᠤᠰᠪᠠᠯ ᠵᠠᠪᠡ ᠪᠠᠷ ᠬᠠᠳᠬᠤᠵᠤ ᠴᠢᠰᠤ ᠲᠠᠯᠪᠢᠳᠠᠭ᠃ ᠬᠦᠮᠤᠨ ᠢ ᠴᠤ ᠭᠡᠳ ᠵᠠᠪᠠ ᠪᠠᠷ ᠲᠤᠮᠨᠤᠳᠠᠭ᠃ ᠮᠤᠩᠭᠤᠯᠴᠤᠳ ᠨᠤᠮᠤ ᠰᠤᠮᠤ ᠶᠢ ᠤᠷᠤᠰᠢᠨ ᠲᠤᠬᠳᠠᠨᠢᠬᠤ ᠠᠮᠢ ᠨᠠᠰᠤ ᠲᠠᠢ ᠪᠠᠨ ᠬᠤᠯᠪᠤᠵᠤ ᠪᠠᠶᠢᠬᠰᠠᠨ ᠢᠶᠠᠷ ᠵᠤᠬᠰᠤᠬᠤ ᠦᠭᠡᠢ᠂ ᠦᠭᠦᠭᠡᠷ  ᠬᠠᠭᠤᠴᠢᠳ ᠢᠶᠠᠨ ᠬᠦᠷᠳᠠᠯ᠎ᠠ ᠰᠢᠳᠤᠭᠡᠨ ᠯᠠᠮᠠ ᠶᠢᠨ ᠰᠢᠨᠵᠢᠵᠤ ᠲᠤᠳᠤᠯᠠᠭᠠᠳ ᠰᠤᠮᠤ ᠬᠠᠳᠬᠤᠬᠰᠠᠨ ᠭᠠᠵᠠᠷ ᠤᠷᠤᠰᠢᠭᠤᠯᠵᠤ ᠪᠠᠷᠠᠭᠤᠨ ᠲᠡᠭᠷᠢ ᠳᠤ ᠭᠠᠷᠬᠤ ᠰᠦᠨᠡᠰᠤ ᠶᠢᠨ ᠬᠢᠨᠢ ᠴᠠᠭᠠᠨ ᠮᠦᠷ ᠢ ᠪᠡᠯᠭᠡᠳᠡᠳᠡᠭ᠃         ᠨᠤᠮᠤ ᠰᠤᠮᠤ ᠶᠢᠨ ᠴᠡᠭᠡᠷ ᠶᠤᠰᠤᠨ᠃ ᠨᠤᠮᠤ ᠰᠤᠮᠤ ᠶᠢᠨ ᠲᠡᠭᠡᠭᠦᠷ ᠠᠯᠬᠤᠵᠤ ᠪᠤᠯᠬᠤ ᠦᠭᠡᠢ᠂ ᠨᠤᠬᠠᠢ ᠮᠤᠷᠢᠨ ᠤ ᠵᠦᠭ ᠰᠤᠮᠤ ᠤᠨᠢᠯᠠᠵᠤ ᠪᠤᠯᠬᠤ ᠦᠭᠡᠢ᠃ ᠠᠪᠠ ᠬᠤᠮᠤᠷᠭ᠎ᠠ ᠳᠤ ᠶᠠᠪᠤᠬᠰᠠᠨ ᠬᠦᠮᠤᠨ ᠭᠡᠷ ᠲᠤ ᠤᠷᠤᠬᠤ ᠠᠴᠠ ᠪᠠᠨ ᠡᠮᠤᠨ᠎ᠠ ᠰᠠᠭᠠᠳᠠᠭ ᠬᠤᠷᠤᠮᠰᠠᠭ᠎ᠠ ᠪᠠᠨ ᠠᠪᠴᠤ᠂ ᠭᠡᠷ ᠲᠤ ᠤᠷᠤᠬᠰᠠᠨ ᠤ ᠲᠠᠷᠠᠭ᠎ᠠ ᠪᠠᠷᠠᠭᠤᠨ ᠲᠠᠯ᠎ᠠ ᠶᠢᠨ ᠬᠠᠨ᠎ᠠ ᠶᠢᠨ ᠲᠤᠯᠤᠭᠠᠢ ᠠᠴᠠ ᠡᠯᠭᠦᠳᠡᠭ᠃ ᠰᠠᠭᠠᠳᠠᠭ ᠬᠤᠷᠤᠮᠰᠠᠭ᠎ᠠ ᠶᠢ ᠬᠤᠭᠤᠰᠤᠨ ᠡᠯᠭᠦᠭᠦ ᠦᠭᠡᠢ ᠵᠠᠪᠠᠯ ᠨᠤᠮᠤ ᠰᠤᠮᠤ ᠶᠢ ᠨᠢ ᠲᠦᠷᠦᠭᠰᠡᠨ ᠬᠡᠪ ᠢᠶᠠᠷ ᠨᠢ ᠡᠯᠭᠦᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号