ᠮᠤᠩᠭᠤᠯᠴᠤᠳ ᠤᠨ ︽6︾ ᠲᠠᠢ ᠬᠤᠯᠪᠤᠭᠳᠠᠬᠤ ᠵᠠᠩ ᠠᠷᠠᠨᠰᠢᠨ
ᠨᠡᠶᠢᠲᠡᠯᠡᠭᠰᠡᠨ ᠴᠠᠭ᠄
2019/12/11
ᠮᠤᠩᠭᠤᠯᠴᠤᠳ ︽6︾ ᠲᠤᠭ᠎ᠠ ᠶᠢ ᠶᠠᠷᠤ ᠪᠤᠰᠤ ᠶᠢᠨ ᠤᠳᠬ᠎ᠠ ᠠᠭᠤᠯᠭ᠎ᠠ ᠲᠠᠢ ᠭᠡᠵᠤ ᠦᠵᠡᠳᠡᠭ᠃ ᠵᠢᠷᠭᠤᠭ᠎ᠠ ᠶᠢᠨ ᠲᠤᠭ᠎ᠠ ᠨᠢ ᠬᠤᠶᠠᠷ ᠪᠠ ᠭᠤᠷᠪᠠ ᠶᠢ ᠳᠠᠬᠢᠨ ᠲᠤᠭ᠎ᠠ ᠤᠴᠢᠷ ᠠᠴᠠ ᠤᠭ ᠲᠤᠭᠠᠨ ᠤ ᠠᠭᠤᠯᠭ᠎ᠠ ᠶᠢ ᠬᠠᠳᠠᠭᠠᠯᠠᠳᠠᠭ᠃ ᠵᠢᠱᠢᠶᠠᠯᠠᠪᠠᠯ᠄ ︽ᠵᠢᠷᠭᠤᠭᠠᠨ ᠬᠦᠵᠤᠬᠦᠤ ᠪᠠᠨ ᠲᠤᠯᠤᠭ᠎ᠠ ᠪᠤᠯᠳᠠᠯ᠎ᠠ ᠵᠢᠳᠬᠦᠪᠡ︾ ᠬᠡᠬᠦ ᠨᠢ ᠬᠦᠮᠤᠰ ᠤᠨ ᠦᠢᠯᠠᠰ ᠪᠦᠳᠤᠭᠡᠬᠦ ᠳᠡᠭᠡᠨ ᠪᠦᠬᠦ ᠬᠦᠴᠤᠨ ᠴᠢᠳᠠᠯ ᠢᠶᠠᠨ ᠭᠠᠷᠭᠠᠵᠤ ᠬᠢᠭᠰᠡᠨ ᠪᠠ ᠬᠢᠷᠢ ᠠᠴᠠ ᠪᠠᠨ ᠬᠡᠳᠤᠷᠠᠳᠠᠯ᠎ᠠ ᠴᠢᠷᠮᠠᠶᠢᠨ ᠠᠵᠢᠯᠯᠠᠭᠰᠠᠨ ᠢ ᠵᠦᠷᠢᠴᠡᠭᠰᠡᠨ ᠪᠠᠶᠢᠳᠠᠭ᠃ ᠬᠡᠯᠡᠴᠡ ᠨᠦᠭᠦᠳ ᠠᠴᠠ ᠰᠠᠶᠢᠷᠠᠬᠦᠯᠪᠠᠯ᠄ ᠵᠢᠷᠭᠤᠭᠠᠨ ᠰᠠᠶᠢᠨ — ᠮᠤᠩᠭᠤᠯ ᠡᠮ ᠳᠠᠬᠢ ᠵᠦᠭᠠᠩ᠂ ᠬᠦᠷᠬᠦᠮ᠂ ᠭᠤᠤᠯᠳᠤ ᠪᠤᠷᠤ᠂ ᠽᠠᠳᠢ᠂ ᠰᠦᠭᠮᠧᠯ᠂ ᠭᠠᠭᠤᠯᠠ ᠵᠡᠷᠭᠡ ᠵᠢᠷᠭᠤᠭᠠᠨ ᠵᠦᠢᠯ ᠤᠨ ᠡᠮ ᠢ ᠵᠢᠷᠭᠤᠭᠠᠨ ᠰᠠᠶᠢᠨ ᠭᠡᠳᠡᠭ᠃ ᠵᠢᠷᠭᠤᠭᠠᠨ ᠪᠢᠴᠢᠭ — ᠤᠴᠢᠷ ᠢ ᠵᠢᠭᠠᠬᠤ᠂ ᠦᠰᠦᠭ ᠤᠨ ᠲᠦᠷᠰᠤ᠂ ᠦᠰᠦᠭ ᠤᠨ ᠠᠪᠢᠶ᠎ᠠ᠂ ᠦᠰᠦᠭ ᠤᠨ ᠤᠳᠬ᠎ᠠ᠂ ᠦᠰᠦᠭ ᠤᠨ ᠳᠠᠶᠢᠯᠪᠤᠷᠢ᠂ ᠦᠬᠡ ᠵᠢᠬᠡᠯᠡᠬᠦ ᠵᠡᠷᠬᠡ ᠶᠢ ᠬᠡᠯᠡᠨ᠎ᠠ᠃ ᠵᠢᠷᠭᠤᠭᠠᠨ ᠴᠢᠪᠬᠠᠳᠠᠰᠤ ᠲᠦᠷᠤ ᠶᠢᠨ ᠶᠠᠳᠤᠭ᠎ᠠ — ᠲᠦᠷᠤ ᠶᠢᠨ ᠶᠡᠭᠡ ᠬᠤᠷᠢᠮ᠂ ᠬᠤᠷᠠᠯ᠂ ᠨᠠᠶᠢᠷ᠂ ᠨᠠᠭᠠᠳᠤᠮ ᠳᠤ ᠡᠬᠦᠰᠬᠡᠬᠦ ᠬᠦᠭᠵᠢᠮ ᠢ ᠬᠡᠯᠡᠨ᠎ᠠ᠃ ᠡᠬᠡ ᠪᠤᠯᠤᠭᠰᠠᠨ ᠵᠢᠷᠭᠤᠭᠠᠨ ᠵᠦᠢᠯ — ᠱᠠᠰᠢᠨ ᠤ ᠶᠤᠰᠤᠨ ᠳᠤ ᠲᠡᠭᠷᠢ᠂ ᠠᠰᠤᠷᠢ᠂ ᠬᠦᠮᠤᠨ᠂ ᠳᠠᠮᠤ᠂ ᠪᠢᠷᠢᠳ ᠂ ᠠᠳᠤᠭᠤᠰᠤ ᠡᠨᠡ ᠵᠢᠷᠭᠤᠭ᠎ᠠ ᠶᠢ ᠬᠡᠯᠡᠳᠡᠭ᠃ ᠬᠠᠮᠤᠭ ᠠᠮᠢᠳᠠᠨ᠂ ᠲᠦᠮᠠᠨ ᠪᠤᠳᠠᠰ ᠢ ᠵᠢᠭᠠᠭᠰᠠᠨ ᠤᠳᠬ᠎ᠠ ᠲᠠᠢ᠃ ᠵᠢᠷᠭᠤᠭᠠᠨ ᠮᠠᠳᠠᠷᠠᠬᠦᠢ — ᠦᠵᠡᠬᠦ᠂ ᠰᠤᠨᠤᠰᠬᠤ᠂ ᠦᠨᠤᠷᠳᠠᠬᠦ᠂ ᠠᠮᠳᠠᠯᠠᠬᠤ᠂ ᠬᠦᠷᠤᠴᠠᠯᠬᠦ᠂ ᠰᠠᠳᠬᠢᠬᠦ ᠵᠡᠷᠬᠡ ᠶᠢ ᠵᠢᠷᠭᠤᠭᠠᠨ ᠮᠠᠳᠠᠷᠠᠬᠦᠢ ᠬᠡᠨ᠎ᠠ᠃ ᠡᠨᠡ ᠨᠢ ᠨᠢᠳᠤ᠂ ᠴᠢᠬᠢ᠂ ᠬᠠᠮᠠᠷ᠂ ᠬᠡᠯᠠ᠂ ᠠᠷᠠᠰᠤ᠂ ᠳᠠᠷᠢᠬᠢ ᠵᠡᠷᠭᠡ ᠵᠢᠷᠭᠤᠭᠠᠨ ᠡᠷᠬᠡᠳᠡᠨ ᠠᠴᠠ ᠡᠬᠦᠰᠤᠨ᠎ᠠ᠃ ᠨᠠᠷᠠᠳᠤ ᠵᠢᠷᠭᠤᠭᠠᠨ ᠤᠳᠠᠴᠢ — ᠢᠰᠢᠪᠠᠯᠵᠤᠤᠷ ︵1704 — 1788︶ ᠪᠤᠯ ᠬᠦᠬᠡᠨᠡᠭᠤᠷ ᠮᠤᠵᠢ ᠶᠢᠨ ᠬᠦᠮᠤᠨ᠃ 18 ᠳ᠋ᠤᠭᠠᠷ ᠵᠠᠭᠤᠨ ᠤ ᠮᠤᠩᠭᠤᠯ ᠬᠦᠨ ᠤᠬᠠᠭᠠᠨᠳᠠᠨ᠂ ᠠᠯᠳᠠᠷᠳᠤ ᠳᠠᠤᠬᠡᠴᠢᠨ᠂ ᠵᠢᠷᠤᠬᠠᠢᠢᠴᠢᠨ᠂ ᠬᠡᠯᠡᠨ ᠤ ᠰᠢᠨᠵᠢᠯᠡᠭᠡᠳᠠᠨ᠂ ᠤᠳᠬ᠎ᠠ ᠵᠤᠬᠢᠶᠠᠯᠴᠢ ᠮᠦᠷᠳᠠᠭᠡᠨ ᠰᠢᠯᠭᠠᠷᠠᠭᠰᠠᠨ ᠠᠨᠠᠭᠠᠬᠤ ᠤᠬᠠᠭᠠᠨᠳᠠᠨ ᠶᠤᠮ᠃ ᠯᠤᠪᠰᠠᠩᠴᠦ᠋ᠯᠳᠤᠮ ︵ᠴᠠᠬᠠᠷ ᠤᠨ︶᠂ ᠯᠦᠷᠦᠭᠳᠡᠩᠳᠠᠷ ︵ᠬᠠᠯᠠᠬ᠎ᠠ ᠶᠢᠨ︶᠂ ᠵᠠᠮᠪᠠᠯᠳᠤᠷᠵᠢ ︵ᠬᠤᠷᠴᠢᠨ ᠤ︶᠂ ᠢᠰᠢᠳᠡᠩᠽᠠᠨᠸᠠᠩᠵᠢᠯ ︵ᠴᠠᠬᠠᠷ ᠠᠴᠠ ᠶᠡᠭᠡ ᠵᠤᠤ ᠳᠤ ᠵᠠᠯᠠᠭᠳᠠᠵᠠᠢ︶᠂ ᠬᠦᠨᠠᠪᠢᠳᠠᠷᠠ ︵ᠬᠠᠷᠠᠴᠢᠨ ᠤ︶ ᠵᠠᠷᠬᠡ ᠪᠤᠯ ᠮᠤᠩᠭᠤᠯ ᠠᠨᠠᠭᠠᠬᠤ ᠤᠬᠠᠭᠠᠨ ᠤ ᠵᠢᠷᠭᠤᠭᠠᠨ ᠡᠷᠳᠠᠮᠳᠠᠨ᠂ ᠤᠳᠠᠴᠢ ᠪᠤᠯᠤᠨ᠎ᠠ᠃ ᠴᠢᠩᠬᠢᠰ ᠬᠠᠭᠠᠨ ᠤ ᠲᠤᠬᠠᠢ ᠵᠢᠷᠭᠤᠭᠠᠨ ᠵᠦᠢᠯ ᠤᠨ ᠦᠨᠠᠯᠠᠯᠳᠠ — 1. ᠤᠯᠠᠨ ᠵᠢᠯ ᠲᠠᠷᠠᠬᠠᠢ ᠪᠤᠳᠠᠷᠬᠠᠢ ᠪᠠᠶᠢᠭᠰᠠᠨ ᠮᠤᠩᠭᠤᠯ ᠤᠨ ᠠᠶᠢᠮᠠᠭ ᠤᠳ ᠢ ᠨᠢᠬᠡᠳᠭᠡᠵᠤ᠂ ᠤᠯᠤᠰ ᠤᠨ ᠲᠤᠯᠭᠤᠷ ᠲᠦᠷᠤ ᠶᠢ ᠦᠨᠳᠤᠰᠤᠯᠠᠨ ᠪᠠᠶᠢᠭᠤᠯᠤᠭᠰᠠᠨ᠃ 2. ᠮᠤᠩᠭᠤᠯ ᠲᠦᠷᠤ ᠶᠢᠨ ᠳᠠᠭᠡᠳᠤ ᠡᠷᠬᠡ ᠶᠢ ᠬᠠᠳᠠᠮᠵᠢᠯᠠᠨ ᠪᠠᠷᠢᠵᠤ ᠪᠠᠶᠢᠭᠰᠠᠨ᠂ ᠬᠡᠬᠦ ᠳᠡᠭᠡᠨ ᠠᠷᠠᠳᠴᠢᠯᠠᠯ ᠤᠨ ᠪᠠᠯᠭᠡᠳᠠᠯ ︽ᠶᠡᠭᠡ ᠬᠤᠷᠠᠯᠳᠠᠢ︾᠂ ︽ᠰᠠᠴᠠᠳ ᠤᠨ ᠵᠦᠪᠯᠠᠯ ᠤᠨ ᠰᠠᠨᠠᠯ ᠪᠤᠳᠤᠯ ᠳᠤ ᠨᠠᠩ ᠪᠤᠳᠤᠯ ᠳᠤ ᠨᠠᠩ ᠠᠩᠬᠠᠷᠤᠯ ᠲᠠᠢ ᠬᠠᠨᠳᠤᠨ ᠨᠢᠭᠳᠠᠯᠠᠨ ᠡᠷᠬᠢᠴᠠᠬᠦᠯᠵᠤ ᠬᠦᠯᠢᠶᠠᠵᠤ ᠠᠪᠳᠠᠭ︾᠃ 3. ᠲᠦᠷᠤ ᠶᠢᠨ ᠠᠯᠳᠠᠨ ᠪᠤᠭᠤᠯᠠᠭ᠎ᠠ — ︽ᠶᠡᠭᠡ ᠵᠠᠰᠠᠭ ᠬᠠᠤᠯᠢ︾ ᠶᠢ ᠭᠠᠷᠭᠠᠭᠰᠠᠨ᠃ 4. ︽ᠭᠠᠵᠠᠷ ᠪᠤᠯ ᠤᠯᠤᠰ ᠤᠨ ᠦᠨᠳᠤᠰᠤ︾ ᠬᠡᠮᠡᠬᠦ ᠡᠾᠦ᠋ᠩᠨᠤ ᠮᠠᠤᠳᠠᠨ ᠤ ᠴᠠᠨ ᠢᠤᠢ ᠶᠢᠨ ᠦᠶ᠎ᠠ ᠠᠴᠠ ᠤᠯᠠᠮᠵᠢᠯᠠᠭᠰᠠᠨ ᠵᠠᠷᠴᠢᠮ ᠢ ᠬᠠᠳᠠᠭᠤ ᠴᠢᠩᠭ᠎ᠠ ᠪᠠᠷᠢᠮᠳᠠᠯᠠᠵᠤ ᠪᠠᠶᠢᠭᠰᠠᠨ᠃ 5. ᠶᠡᠭᠡ ᠮᠤᠩᠭᠤᠯ ᠤᠯᠤᠰ ᠢ ᠲᠦᠷᠤ ᠶᠢᠨ ᠪᠢᠴᠢᠭ ᠲᠠᠢ ᠪᠤᠯᠭᠠᠭᠰᠠᠨ᠃ 6. ᠮᠤᠩᠭᠤᠯ ᠲᠤᠭᠤᠷᠭᠠᠳᠠᠨ ᠢ ᠳᠠᠯᠠᠬᠡᠢ ᠳ᠋ᠠᠬᠢᠨ ᠤ ᠳᠠᠪᠴᠠᠩ ᠳᠤ ᠭᠠᠷᠭᠠᠭᠰᠠᠨ ᠵᠡᠷᠭᠡ ᠪᠤᠯᠤᠨ᠎ᠠ᠃ ᠵᠢᠷᠭᠤᠭᠠᠨ ᠶᠡᠭᠡ ᠦᠯᠢᠬᠡᠷ — 1. ᠮᠤᠩᠭᠤᠯ ᠤᠨ ᠬᠠᠳ ᠦᠩᠬᠡᠷᠡᠭᠰᠡᠨ ᠤ ᠲᠦᠷᠤ ᠶᠢ ᠵᠠᠰᠠᠭᠰᠠᠨ ᠳᠠᠤᠬᠡ ᠶᠢ ᠦᠯᠢᠬᠡᠷ ᠳᠠᠭᠤᠷᠢᠶᠠᠯ ᠪᠤᠯᠭᠠᠬᠤ᠃ 2. ᠪᠤᠷᠬᠠᠨ ᠱᠠᠰᠢᠨ ᠤ ᠰᠤᠷᠭᠠᠯ ᠵᠠᠷᠯᠢᠭ ᠢ ᠦᠯᠢᠭᠡᠷ ᠳᠠᠭᠤᠷᠢᠶᠠᠯ ᠪᠤᠯᠭᠠᠬᠤ᠃ 3. ᠲᠦᠷᠤ ᠶᠤᠰᠤ ᠶᠢ ᠶᠠᠪᠤᠭᠤᠯᠬᠤ ᠶᠤᠰᠤᠯᠠᠯ ᠲᠦᠷᠢᠮ ᠢ ᠦᠯᠢᠬᠡᠷ ᠳᠠᠭᠤᠷᠢᠶᠠᠯ ᠪᠤᠯᠭᠠᠬᠤ᠃ 4. ᠵᠤᠷᠢᠭ ᠮᠠᠳᠠᠨ ᠲᠤᠷ᠎ᠠ ᠳᠠᠪᠠ ᠪᠠᠷ ᠢᠶᠠᠨ ᠡᠰᠠ ᠶᠠᠪᠤᠬᠤ ᠶᠢ ᠦᠯᠢᠭᠡᠷ ᠳᠠᠭᠤᠷᠢᠶᠠᠯ ᠪᠤᠯᠭᠠᠬᠤ᠃ 5. ᠴᠡᠷᠢᠭ ᠪᠠᠶᠢᠭᠤᠯᠵᠤ ᠲᠦᠷᠤ ᠪᠠᠨ ᠬᠠᠮᠠᠭᠠᠯᠠᠭᠰᠠᠨ ᠢ ᠦᠯᠢᠭᠡᠷ ᠳᠠᠭᠤᠷᠢᠶᠠᠯ ᠪᠤᠯᠭᠠᠬᠤ᠃ 6. ᠭᠠᠮᠨᠠᠨ ᠠᠷᠪᠢᠯᠠᠵᠤ᠂ ᠦᠰᠬᠡᠨ ᠨᠠᠮᠡᠭᠳᠠᠬᠦᠯᠬᠦ ᠶᠢ ᠦᠯᠢᠬᠡᠷ ᠳᠠᠭᠤᠷᠢᠶᠠᠯ ᠪᠤᠯᠭᠠᠬᠤ ᠵᠡᠷᠬᠡ ᠵᠢᠷᠭᠤᠭᠠᠨ ᠶᠡᠭᠡ ᠦᠯᠢᠭᠡᠷ ᠳᠠᠭᠤᠷᠢᠶᠠᠯ ᠨᠢ ᠮᠤᠩᠭᠤᠯ ᠤᠨ ᠬᠠᠭᠠᠳ ᠤᠨ ᠲᠦᠷᠤ ᠪᠠᠨ ᠵᠠᠰᠠᠬᠤ ᠦᠯᠢᠬᠡᠷ ᠳᠠᠭᠤᠷᠢᠶᠠᠯ ᠪᠤᠯᠤᠭᠰᠠᠨ ᠪᠠᠶᠢᠵᠠᠢ᠃ ᠵᠢᠷᠭᠤᠭᠠᠨ ᠫᠠᠷᠵᠢ᠄ ᠵᠢᠷᠭᠤᠭᠠᠨ ᠫᠡᠷᠵᠢ ᠭᠡᠵᠤ ᠬᠦᠯᠬᠡᠨ ᠨᠠᠭᠠᠳᠤᠮ ᠪᠤᠯᠤᠨ᠎ᠠ᠃ ᠳᠠᠯᠠᠢ ᠶᠢᠨ ᠠᠮᠢᠳᠠᠨ ᠤ ᠶᠠᠰᠤ ᠶᠢ ᠵᠠᠰᠠᠵᠤ᠂ ᠬᠦᠨᠳᠠᠢ ᠳᠤᠨᠢ ᠯᠠᠴᠢ ᠴᠢᠳᠬᠤᠭᠠᠳ ᠶᠡᠭᠡ ᠪᠠᠭ᠎ᠠ ᠨᠢ ᠢᠵᠢᠯ ᠵᠢᠷᠭᠤᠭᠠᠨ ᠫᠠᠷᠵᠢ᠂ ᠲᠦᠷᠪᠠᠨ ᠡᠬᠦᠳᠠ ᠲᠠᠢ ᠬᠦᠯᠬᠡ ᠲᠠᠢ᠂ ᠬᠤᠶᠠᠷ ᠳᠠᠯᠠᠯᠠᠨ ᠲᠤᠭᠯᠠᠳᠠᠭ᠃ ᠵᠢᠷᠭᠤᠭᠠᠨ ᠢᠮᠠᠭᠠᠨ ᠤ ᠵᠢᠷᠠᠨ ᠤᠬᠤᠨ᠎ᠠ — ᠬᠡᠷᠡᠭ ᠤᠴᠢᠷ ᠢ ᠵᠤᠬᠢᠴᠠᠩᠭᠤᠢ ᠪᠤᠰᠤ ᠪᠤᠯᠭᠠᠭᠰᠠᠨ ᠢ ᠵᠢᠭᠠᠵᠤ ᠪᠠᠶᠢᠨ᠎ᠠ᠃ ᠵᠢᠱᠢᠶᠠᠯᠠᠬᠦ ᠳᠤ ᠳᠠᠷᠤᠭᠠᠯᠠᠵᠤ ᠵᠠᠬᠢᠷᠬᠤ ᠬᠦᠮᠤᠨ ᠨᠢ ᠤᠯᠠᠨ ᠪᠤᠯᠤᠭᠰᠠᠨ ᠵᠡᠷᠬᠡ ᠶᠢ ᠵᠦᠢᠷᠯᠡᠳᠡᠭ᠃ ᠵᠢᠷᠭᠤᠭᠠᠨ ᠬᠡᠮᠰᠢᠯ — 1. ᠡᠷᠳᠠᠮ ᠢ ᠡᠰᠠ ᠰᠤᠷᠪᠠᠰᠤ ᠬᠡᠷᠡᠭᠯᠡᠬᠦ ᠴᠠᠭ ᠲᠤ ᠬᠡᠮᠰᠢᠨ᠎ᠠ᠃ 2. ᠡᠷᠡᠬᠦᠯ ᠪᠠᠶ᠎ᠠ ᠪᠠᠨ ᠡᠰᠠ ᠠᠰᠠᠷᠠᠪᠠᠰᠤ ᠡᠪᠡᠳᠦᠭᠰᠡᠨ ᠤ ᠬᠤᠶᠢᠨ᠎ᠠ ᠬᠡᠮᠰᠢᠨ᠎ᠠ᠃ 3. ᠨᠤᠶᠠᠨ ᠪᠦᠭᠡᠳ ᠠᠷᠢᠭᠤᠨ ᠡᠰᠠ ᠶᠠᠪᠤᠪᠠᠰᠤ ᠪᠠᠭᠤᠭᠰᠠᠨ ᠤ ᠬᠤᠶᠢᠨ᠎ᠠ ᠬᠡᠮᠰᠢᠨ᠎ᠠ᠃ 4. ᠪᠠᠶᠠᠨ ᠪᠦᠬᠡᠳ ᠡᠳ᠋ᠯᠠᠨ ᠡᠰᠡ ᠴᠢᠳᠠᠪᠠᠰᠤ ᠦᠬᠡᠶᠢᠷᠡᠭᠰᠡᠨ ᠤ ᠬᠤᠶᠢᠨ᠎ᠠ ᠬᠡᠮᠰᠢᠨ᠎ᠠ᠃ 5. ᠠᠷᠢᠬᠢ ᠤᠤᠭᠤᠵᠤ ᠮᠠᠭᠤ ᠠᠪᠤᠷᠢᠯᠠᠪᠠᠰᠤ ᠰᠠᠷᠭᠦᠭᠰᠡᠨ ᠤ ᠬᠤᠶᠢᠨ᠎ᠠ ᠬᠡᠮᠰᠢᠨ᠎ᠠ᠃ 6. ᠦᠢᠯᠠ᠂ ᠦᠬᠡ ᠬᠤᠶᠠᠷ ᠢᠶᠠᠨ ᠡᠰᠡ ᠬᠢᠴᠢᠶᠠᠪᠠᠯ᠂ ᠤᠴᠢᠷ ᠡᠭᠦᠰᠦᠭᠰᠡᠨ ᠤ ᠬᠤᠶᠢᠨ᠎ᠠ ᠬᠡᠮᠰᠢᠨ᠎ᠠ ᠵᠡᠷᠭᠡ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号