ᠮᠤᠩᠭᠤᠯᠴᠤᠳ ᠤᠨ ᠮᠠᠯᠠᠭᠠᠢ ᠵᠡᠭᠦᠭᠦ ᠶᠤᠰᠤᠨ
ᠨᠡᠶᠢᠲᠡᠯᠡᠭᠰᠡᠨ ᠴᠠᠭ᠄
2019/12/11
           ᠲᠤᠯᠤᠭᠠᠢ ᠪᠠᠨ ᠮᠠᠰᠢ ᠬᠦᠨᠳᠤᠳᠭᠡᠨ ᠪᠤᠰᠤᠳ ᠤᠨ ᠭᠠᠷ ᠬᠦᠷᠭᠦ ᠶᠢ ᠤᠨᠴᠠ ᠴᠡᠭᠡᠷᠯᠡᠳᠡᠭ ᠲᠠᠢ ᠠᠳᠠᠯᠢ ᠪᠠᠷ ᠮᠠᠯᠠᠭᠠᠢ ᠳᠤᠨᠢ ᠮᠦᠨ ᠪᠤᠰᠤᠳ ᠤᠨ ᠭᠠᠷ ᠬᠦᠷᠭᠦ ᠶᠢ ᠤᠨᠴᠠ ᠴᠡᠭᠡᠷᠯᠡᠳᠡᠭ᠃ ᠢ ︽ᠬᠤᠶᠠᠷ ᠬᠦᠮᠤᠨ ᠶᠠᠪᠤᠪᠠᠯ ᠨᠢᠭᠡ ᠨᠢ ᠠᠬᠠᠯᠠᠳᠠᠭ᠂ ᠨᠢᠭᠡ ᠬᠦᠮᠤᠨ ᠶᠠᠪᠤᠪᠠᠯ ᠮᠠᠯᠠᠭᠠᠢ ᠨᠢ ᠠᠬᠠᠯᠠᠳᠠᠭ︾ ᠬᠡᠵᠤ ᠦᠵᠡᠳᠡᠭ ᠲᠤᠯᠠ ᠮᠠᠯᠠᠭᠠᠢ ᠪᠠᠨ ᠪᠤᠰᠤᠳ ᠬᠤᠪᠴᠠᠰᠤ ᠡᠮᠤᠰᠭᠡᠯ ᠠᠴᠠ ᠢᠯᠡᠭᠦᠦ ᠲᠡᠭᠡᠳᠤᠯᠡᠵᠤ᠂ ᠬᠡᠷᠪᠠ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠡᠳᠤᠷ ᠭᠠᠭᠴᠠᠭᠠᠷ ᠢᠶᠠᠨ ᠶᠠᠪᠤᠬᠤ ᠶᠠᠪᠤᠳᠠᠯ  ᠲᠤᠬᠢᠶᠠᠯᠳᠤᠪᠠᠯ ᠮᠠᠯᠠᠭᠠᠢ ᠲᠠᠢ ᠪᠠᠨ ᠵᠤᠯᠭᠠᠳᠠᠭ ᠶᠤᠰᠤ ᠲᠠᠢ᠃        ᠮᠠᠯᠠᠭᠠᠢ ᠭᠠᠵᠠᠷ ᠤᠨᠠᠬᠤ ᠳᠤ ᠲᠡᠭᠡᠭᠦᠷ ᠨᠢ ᠠᠯᠬᠤᠵᠤ ᠬᠢᠰᠬᠢᠬᠦ ᠶᠢ ᠤᠨᠴᠠ ᠴᠡᠭᠡᠷᠯᠡᠳᠡᠭ᠃ ᠡᠶᠢᠮᠤ ᠠᠴᠠ ᠮᠠᠯᠠᠭᠠᠢ ᠨᠢ ᠭᠠᠵᠠᠷ ᠤᠨᠠᠬᠤ ᠪᠤᠶᠤ ᠬᠦᠮᠤᠨ ᠲᠡᠭᠡᠭᠦᠷ ᠨᠢ ᠠᠯᠬᠤᠪᠠᠯ ᠲᠠᠷᠠ ᠲᠠᠷᠤᠢ ᠪᠠᠷᠠᠭᠤᠨ ᠭᠠᠷ ᠢᠶᠠᠷ ᠢᠶᠠᠨ ᠰᠢᠭᠦᠷᠡᠨ ᠠᠪᠴᠤ ᠭᠠᠯ ᠲᠡᠭᠡᠭᠦᠷ ᠡᠷᠬᠢᠭᠦᠯᠵᠤ ᠠᠷᠢᠭᠤᠯᠳᠠᠭ᠃ ᠮᠠᠯᠠᠭᠠᠢ ᠪᠠᠨ ᠭᠠᠵᠠᠷ ᠤᠨᠠᠭᠠᠬᠤ᠂ ᠮᠠᠯᠠᠭᠠᠢ ᠪᠠᠨ ᠠᠯᠳᠠᠬᠤ᠂ ᠬᠡᠭᠡᠭᠦ ᠶᠢ ᠶᠡᠭᠡ ᠭᠤᠳᠤᠮᠰᠢᠭ ᠢᠶᠠᠷ ᠦᠵᠡᠳᠡᠭ᠃ ᠮᠤᠩᠭᠤᠯ ᠪᠦᠭᠡᠴᠢᠳ ᠪᠠᠷᠢᠯᠳᠤᠬᠤ ᠳᠠᠭᠠᠨ᠂ ᠮᠠᠯᠠᠭᠠᠢ ᠪᠠᠨ ᠭᠠᠵᠠᠷ ᠲᠤ ᠤᠨᠠᠬᠤ ᠠᠴᠠ ᠪᠤᠯᠭᠤᠮᠵᠢᠯᠠᠵᠤ ᠤᠷᠢᠳᠡᠪᠡᠷ ᠪᠦᠭᠡ ᠶᠢᠨ ᠬᠢᠨᠠᠬᠴᠢ ᠳᠤ ᠦᠭᠳᠡᠭ᠃ ᠭᠡᠷ ᠲᠤ ᠤᠷᠤᠵᠤ ᠮᠠᠯᠠᠭᠠᠢ ᠪᠠᠨ ᠠᠪᠤᠪᠠᠯ ᠲᠡᠭᠡᠷ᠎ᠠ ᠭᠠᠵᠠᠷ ᠡᠯᠭᠦᠭᠦ ᠪᠤᠶᠤ ᠲᠡᠪᠠᠯ᠂ ᠪᠦᠰᠡᠨ ᠤ ᠪᠠᠨ ᠲᠡᠭᠡᠷ᠎ᠠ ᠬᠦᠮᠦᠷᠢᠵᠤ ᠲᠠᠯᠪᠢᠳᠠᠭ᠃ ᠮᠠᠯᠠᠭᠠᠢ ᠶᠢ ᠲᠡᠭᠡᠭᠰᠢ ᠪᠠᠨ ᠬᠠᠷᠠᠭᠤᠯᠵᠤ ᠲᠠᠯᠪᠢᠬᠤ ᠶᠢ ᠴᠡᠭᠡᠷᠯᠡᠳᠡᠭ᠃ ᠤᠴᠢᠷ ᠨᠢ ᠡᠪᠡᠳᠴᠢᠨ ᠭᠤᠶᠤᠵᠤ ᠪᠠᠶᠢᠨ᠎ᠠ ᠬᠡᠵᠤ ᠦᠵᠡᠳᠡᠭ᠃   ᠮᠤᠩᠭᠤᠯᠴᠤᠳ ᠠᠯᠢᠪᠠ ᠶᠤᠰᠤᠯᠠᠯ ᠠᠭᠤᠯᠵᠠᠯᠳᠠ ᠬᠢᠬᠦ ᠳᠤ ᠵᠠᠪᠠᠯ ᠮᠠᠯᠠᠭᠠᠢ ᠡᠮᠤᠰᠳᠡᠭ ᠶᠤᠰᠤ ᠭᠤᠷᠢᠮ ᠲᠠᠢ᠃ ᠵᠢᠱᠢᠶᠠᠯᠠᠪᠠᠯ᠂ ᠬᠦᠨᠳᠤᠳᠤ ᠵᠤᠴᠢᠨ ᠢ ᠤᠬᠳᠤᠵᠤ ᠮᠤᠷᠳᠠᠭᠤᠯᠬᠤ᠂ ᠵᠤᠴᠢᠨ ᠳᠤ ᠬᠠᠳᠠᠭ᠂ ᠠᠷᠢᠬᠢ᠂ ᠰᠢᠭᠦᠰᠤ ᠲᠡᠪᠰᠢᠭᠦᠯᠭᠦ᠂ ᠬᠤᠷᠠᠯ ᠴᠤᠬᠯᠠᠭ᠎ᠠ ᠬᠤᠷᠢᠮ ᠨᠠᠶᠢᠷ ᠲᠤ ᠤᠷᠤᠯᠴᠠᠬᠤ ᠵᠡᠷᠭᠡ ᠲᠦᠪ ᠬᠢᠴᠢᠶᠠᠩᠭᠦᠢ ᠶᠡᠭᠡ ᠶᠤᠰᠤᠨ ᠤ ᠲᠠᠯᠠᠪᠤᠷ ᠲᠤ ᠮᠠᠯᠠᠭᠠᠢ ᠪᠠᠨ ᠲᠡᠷᠢ ᠲᠡᠭᠰᠢ ᠡᠮᠤᠰᠳᠡᠭ ᠶᠤᠰᠤ ᠲᠠᠢ᠃ ᠬᠡᠪᠡᠴᠤ ᠯᠠᠮᠠ ᠪᠤᠷᠬᠠᠨ ᠳᠤ ᠮᠦᠷᠭᠦᠭᠦ ᠦᠶ᠎ᠠ ᠳᠤ ᠮᠤᠳᠤᠷᠯᠠᠭᠤᠯᠬᠤ ᠬᠡᠵᠤ ᠮᠠᠯᠠᠭᠠᠢ ᠪᠠᠨ ᠠᠪᠴᠤ ᠮᠦᠷᠭᠦᠳᠡᠭ᠃ ᠠᠪᠤ ᠡᠵᠢ᠂ ᠠᠬᠠᠮᠠᠳ ᠬᠦᠮᠤᠨ ᠨᠠᠰᠤ ᠨᠦᠭᠴᠢᠪᠠᠯ ᠮᠠᠯᠠᠭᠠᠢ ᠶᠢᠨ ᠰᠠᠮᠫᠠᠨ᠂ ᠵᠢᠩᠰᠠ ᠶᠢ ᠬᠠᠷ᠎ᠠ ᠪᠦᠰ ᠢᠶᠠᠷ ᠪᠠᠭᠯᠠᠬᠤ ᠂ ᠵᠠᠯᠠᠭ᠎ᠠ ᠶᠢ ᠨᠢ ᠠᠪᠬᠤ᠂ ᠰᠠᠷᠠᠪᠴᠢ ᠶᠢ ᠨᠢ ᠪᠠᠭᠤᠯᠭᠠᠬᠤ ᠵᠡᠷᠭᠡ ᠪᠠᠷ ᠤᠢ ᠭᠠᠰᠢᠭᠤ ᠢᠯᠡᠳᠭᠡᠳᠡᠭ᠃         ᠮᠤᠩᠭᠤᠯᠴᠤᠳ ᠮᠠᠯᠠᠭᠠᠢ ᠶᠢᠨ ᠰᠠᠮᠫᠠᠨ ᠪᠠ ᠵᠢᠩᠰᠠ ᠨᠢ ᠤᠷᠤᠢ ᠶᠢᠨ ᠴᠢᠮᠡᠭ᠂ ᠦᠭᠡᠳᠠᠯᠠᠨ ᠮᠠᠨᠳᠤᠬᠤ ᠶᠢᠨ ᠪᠡᠯᠭᠡ ᠲᠡᠮᠳᠡᠭ᠂ ᠤᠯᠠᠭᠠᠨ ᠵᠠᠯᠠᠭ᠎ᠠ ᠨᠢ ᠰᠠᠴᠤᠷᠠᠨ ᠮᠠᠨᠳᠤᠬᠤ ᠨᠠᠷᠠᠨ ᠤ ᠲᠤᠶᠠᠭ᠎ᠠ᠂ ᠮᠠᠯᠠᠭᠠᠢ ᠶᠢᠨ ᠰᠠᠷᠠᠪᠴᠢ ᠨᠢ ᠬᠡᠶᠢᠮᠤᠷᠢ ᠪᠤᠰᠬᠤ ᠶᠢᠨ ᠵᠦᠡᠭ ᠪᠢᠯᠢᠭ᠂ ᠬᠤᠶᠠᠷ ᠪᠦᠴᠠ ᠨᠢ ᠬᠡᠰᠢᠭ ᠪᠤᠶᠠᠨ ᠲᠠᠯᠠᠯᠠᠬᠤ ᠪᠡᠯᠭᠡ ᠲᠡᠮᠳᠡᠭ ᠬᠡᠵᠤ ᠦᠵᠡᠳᠡᠭ᠃ ᠡᠶᠢᠮᠤ ᠠᠴᠠ ᠪᠤᠰᠤᠳ ᠤᠨ ᠮᠠᠯᠠᠭᠠᠢ ᠶᠢ ᠡᠵᠡᠨ ᠤ ᠬᠢᠨᠢ ᠵᠦᠪᠰᠢᠶᠠᠷᠠᠯ ᠦᠭᠡᠢ ᠪᠠᠷ ᠲᠤᠷ᠎ᠠ ᠮᠠᠳᠠᠨ ᠠᠪᠴᠤ ᠶᠠᠪᠤᠵᠤ ᠪᠤᠯᠳᠠᠭ ᠦᠭᠡᠢ᠃ ︽ᠲᠤᠯᠤᠭᠠᠢ ᠶᠢ ᠠᠪᠤᠪᠠᠴᠤ ᠮᠠᠯᠠᠭᠠᠢ ᠶᠢ ᠠᠪᠴᠤ ᠪᠤᠯᠬᠤ ᠦᠭᠡᠢ︾ ᠬᠡᠳᠡᠭ᠃ ᠮᠠᠯᠠᠭᠠᠢ ᠳᠤᠨᠢ ᠬᠡᠤᠭᠡᠳ ᠭᠠᠷ ᠬᠦᠷᠪᠠᠯ᠂ ︽ᠡᠷᠬᠢᠭᠦᠦ ᠬᠡᠤᠭᠡᠳ ᠡᠴᠢᠭᠡ ᠶᠢᠨ ᠢᠶᠠᠨ ᠲᠤᠯᠤᠭᠠᠢ ᠪᠠᠷ ᠨᠠᠭᠠᠳᠤᠨ᠎ᠠ︾ ᠬᠡᠵᠤ ᠵᠠᠩᠨᠠᠳᠠᠭ᠃ ᠮᠠᠯᠠᠭᠠᠢ ᠶᠢᠨ ᠡᠮᠤᠨ᠎ᠠ ᠰᠠᠷᠠᠪᠴᠢ ᠶᠢ ᠪᠠᠭᠤᠯᠭᠠᠵᠤ ᠡᠮᠤᠰᠭᠦ ᠶᠢ ᠪᠠᠶᠠᠷ ᠤᠨ ᠮᠠᠩᠨᠠᠢ ᠪᠠᠨ ᠲᠠᠷᠤᠵᠤ ᠪᠠᠶᠢᠨ᠎ᠠ᠂ ᠭᠠᠢ ᠵᠤᠪᠠᠯᠠᠩ ᠪᠤᠯᠤᠨ᠎ᠠ ᠬᠡᠵᠤ ᠴᠡᠭᠡᠷᠯᠡᠳᠡᠭ᠃ ᠨᠠᠰᠤ ᠨᠦᠭᠴᠢᠭᠰᠡᠳ ᠬᠢᠨ ᠳᠤ ᠤᠴᠢᠬᠤ ᠳᠤ ᠪᠠᠶᠠᠷᠯᠠᠬᠤ ᠪᠠᠶᠠᠷ ᠤᠨ  ᠮᠠᠩᠨᠠᠢ ᠦᠭᠡᠢ ᠪᠤᠯᠬᠤᠷ ᠮᠠᠯᠠᠭᠠᠢ ᠶᠢᠨ ᠢᠶᠠᠨ ᠡᠮᠤᠨ᠎ᠠ ᠰᠠᠷᠠᠪᠴᠢ ᠶᠢ ᠪᠠᠭᠤᠯᠭᠠᠵᠤ ᠤᠷᠤᠳᠠᠭ᠃ ᠵᠠᠯᠠᠭᠤ ᠬᠦᠮᠤᠨ ᠠᠶᠢᠯ ᠳᠤ ᠤᠴᠢᠭᠠᠳ ᠭᠡᠷ ᠤᠨ ᠡᠵᠡᠨ ᠤ ᠵᠦᠪᠰᠢᠶᠠᠷᠠᠯ ᠦᠭᠡᠢ ᠪᠤᠯ ᠮᠠᠯᠠᠭᠠᠢ ᠪᠠᠨ ᠲᠤᠷ᠎ᠠ ᠪᠠᠷ ᠢᠶᠠᠨ ᠠᠪᠴᠤ ᠪᠤᠯᠳᠠᠭ ᠦᠭᠡᠢ᠂ ᠬᠡᠷᠪᠠ ᠲᠡᠷᠡ ᠠᠶᠢᠯ ᠳᠤ ᠬᠤᠨᠤᠬᠤ ᠴᠢᠬᠤᠯᠠ ᠲᠠᠢ ᠪᠤᠯ ᠰᠠᠶ᠋ᠢ ᠮᠠᠯᠠᠭᠠᠢ ᠪᠠᠨ ᠠᠪᠴᠤ ᠲᠤᠬᠢᠳᠠᠢ ᠭᠠᠵᠠᠷ ᠲᠠᠯᠪᠢᠳᠠᠭ᠃ ᠵᠤᠴᠢᠨ ᠪᠠ ᠬᠦᠨᠳᠤᠳᠤ ᠬᠦᠮᠤᠨ ᠤ ᠮᠠᠯᠠᠭᠠᠢ ᠶᠢ ᠬᠡᠤᠭᠡᠳ ᠪᠡᠷᠢᠶᠠᠳ ᠬᠢᠴᠢᠶᠠᠩᠭᠦ᠋ᠢᠯᠠᠨ ᠲᠤᠰᠴᠤ ᠠᠪᠤᠭᠠᠳ ᠲᠡᠭᠡᠷ᠎ᠠ ᠡᠯᠭᠦᠵᠤ ᠲᠠᠯᠪᠢᠳᠠᠭ᠃ ᠵᠠᠷᠢᠮ ᠨᠤᠳᠤᠭ ᠲᠤ ᠠᠶᠢᠯ ᠳᠤ ᠤᠷᠤᠬᠤ ᠳᠤ ᠮᠠᠯᠠᠭᠠᠢ ᠪᠠᠨ ᠲᠡᠭᠡᠭᠰᠢ ᠡᠷᠭᠦᠰᠬᠢᠭᠡᠳ ᠭᠡᠷ ᠲᠤ ᠤᠷᠤᠭᠠᠳ ᠮᠠᠯᠠᠭᠠᠢ ᠪᠠᠨ ᠠᠪᠳᠠᠭ᠃ ᠡᠭᠦᠨ ᠤ ᠢᠷᠡᠯᠳᠠ ᠨᠢ ᠡᠷᠳᠡᠨ ᠤ ᠲᠤᠭᠤᠯᠠᠭ᠎ᠠ ᠡᠮᠤᠰᠳᠡᠭ ᠶᠤᠰᠤ ᠵᠠᠩᠰᠢᠯ ᠲᠠᠢ ᠬᠤᠯᠪᠤᠬᠳᠠᠯ ᠲᠠᠢ ᠬᠡᠳᠡᠭ᠃ ᠴᠡᠷᠢᠭ ᠲᠠᠶᠢᠨ ᠤ ᠦᠶ᠎ᠠ ᠳᠤ ᠦᠯᠦ ᠲᠠᠨᠢᠬᠤ ᠠᠶᠢᠯ ᠳᠤ ᠤᠷᠤᠪᠠᠯ ᠲᠤᠭᠤᠯᠠᠭ᠎ᠠ ᠪᠠᠨ ᠠᠪᠳᠠᠭ ᠦᠭᠡᠢ ᠪᠠᠶᠢᠵᠠᠢ᠃ ᠡᠶᠢᠮᠤ ᠠᠴᠠ ᠠᠶᠢᠯ ᠳᠤ ᠤᠷᠤᠭᠠᠳ ᠮᠠᠯᠠᠭᠠᠢ ᠪᠠᠨ ᠠᠪᠴᠤ ᠪᠠᠶᠢᠭ᠎ᠠ ᠨᠢ ᠲᠡᠳᠠᠨ ᠢ ᠢᠳᠡᠭᠡᠵᠤ ᠪᠠᠶᠢᠨ᠎ᠠ᠂ ᠨᠦᠭᠦᠷᠰᠡᠭ ᠶᠠᠪᠤᠯᠴᠠᠬᠤ ᠰᠠᠨᠠᠭ᠎ᠠ ᠪᠠᠨ ᠢᠯᠡᠳᠭᠡᠵᠤ ᠪᠠᠶᠢᠨ᠎ᠠ ᠬᠡᠵᠤ ᠦᠵᠡᠳᠡᠭ᠃ ᠮᠠᠯᠠᠭᠠᠢ ᠶᠢ ᠬᠡᠯᠳᠡᠭᠡᠢ ᠬᠠᠵᠠᠭᠠᠢ ᠡᠮᠤᠰᠭᠦ ᠶᠢ ᠴᠡᠭᠡᠷᠯᠡᠳᠡᠭ᠃ ᠮᠠᠯᠠᠭᠠᠢ ᠶᠢ ᠪᠤᠰᠤᠳ ᠲᠠᠢ ᠰᠤᠯᠢᠵᠤ ᠡᠮᠤᠰᠭᠦ ᠶᠢ ᠴᠡᠭᠡᠷᠯᠡᠳᠡᠭ᠃ ᠰᠤᠯᠢᠵᠤ ᠡᠮᠤᠰᠪᠠᠯ ᠬᠡᠶᠢᠮᠤᠷᠢ ᠨᠢ ᠰᠤᠯᠢᠬᠳᠠᠨ᠎ᠠ ᠬᠡᠳᠡᠭ᠃ ᠮᠠᠯᠠᠭᠠᠢ ᠶᠢ ᠲᠠᠪᠬᠤᠷᠯᠠᠵᠤ ᠡᠮᠤᠰᠪᠠᠯ ᠬᠤᠶᠠᠳᠠᠬᠢ ᠤᠳᠠᠭ᠎ᠠ ᠡᠭᠡᠨᠡᠷ ᠠᠪᠤᠨ᠎ᠠ ᠬᠡᠵᠤ ᠴᠡᠭᠡᠷᠯᠡᠳᠡᠭ᠃ ᠠᠬᠠᠮᠠᠳ ᠲᠤᠮᠤᠭᠠᠳᠠᠨ ᠬᠦᠮᠤᠨ ᠬᠡᠤᠭᠡᠳ ᠲᠡᠭᠦᠦ ᠨᠠᠷ ᠪᠤᠶᠤ ᠱᠠᠪᠢ ᠪᠠᠨᠳᠠᠢ ᠳᠠᠭᠠᠨ ᠮᠠᠯᠠᠭᠠᠢ ᠪᠠᠨ ᠬᠠᠶᠢᠷᠠᠯᠠᠨ ᠦᠭᠴᠤ ᠪᠤᠯᠳᠠᠭ᠃ ᠬᠡᠪᠡᠴᠤ ᠬᠡᠤᠭᠡᠳ ᠲᠡᠭᠦᠦ ᠨᠠᠷ᠂ ᠱᠠᠪᠢ ᠪᠠᠨᠳᠠᠢ ᠨᠢ ᠠᠬᠠᠮᠠᠳ ᠲᠠᠭᠠᠨ ᠮᠠᠯᠠᠭᠠᠢ ᠬᠦᠷᠭᠡᠭᠦ ᠵᠠᠩᠰᠢᠯ ᠦᠭᠡᠢ᠃ ᠬᠦᠷᠭᠡᠭᠦ ᠴᠢᠬᠤᠯᠠ ᠲᠠᠢ ᠪᠤᠯ ᠪᠤᠰᠤᠳ ᠬᠤᠪᠴᠠᠰᠤ ᠲᠠᠢ ᠬᠠᠮᠳᠤ ᠬᠦᠷᠭᠡᠵᠤ ᠪᠤᠯᠳᠠᠭ᠃  ᠦᠪᠡᠷ ᠤᠨ ᠮᠠᠯᠠᠭᠠᠢ ᠪᠠᠨ ᠬᠡᠭᠡᠭᠡᠳ ᠲᠠᠬᠢᠵᠤ ᠤᠯᠪᠠᠴᠤ ᠰᠢᠭᠤᠳ ᠠᠪᠬᠤ ᠶᠢ ᠴᠡᠭᠡᠷᠯᠡᠳᠡᠭ᠃ ᠵᠠᠮ ᠳᠤ ᠮᠠᠯᠠᠭᠠᠢ ᠲᠠᠭᠠᠷᠢᠯᠳᠤᠪᠠᠯ ᠤᠯᠵᠠ ᠪᠤᠯᠭᠠᠨ ᠠᠪᠬᠤ ᠶᠢ ᠴᠡᠭᠡᠷᠯᠡᠳᠡᠭ᠃ ᠮᠠᠯᠠᠭᠠᠢ ᠲᠤᠭᠤᠬᠰᠢ ᠪᠠᠨ ᠬᠠᠷᠠᠬᠰᠠᠨ ᠰᠡᠪᠠ ᠮᠠᠳᠤ ᠲᠤᠯᠠ ᠭᠠᠷᠤᠵᠠ ᠶᠢᠨ ᠡᠭᠦᠳᠠ ᠨᠡᠭᠡᠭᠡᠭᠳᠡᠨ᠎ᠠ ᠬᠡᠭᠦ ᠪᠤᠶᠤ ᠪᠤᠰᠤᠳ ᠤᠨ ᠬᠦᠯᠤᠰᠤ ᠲᠠᠢ ᠬᠠᠭᠤᠴᠢᠨ ᠡᠳ᠋ ᠲᠤᠯᠤᠭᠠᠢ ᠪᠤᠵᠠᠷᠯᠠᠨ᠎ᠠ ᠬᠡᠳᠡᠭ᠃ ᠡᠮᠤᠰᠴᠤ ᠪᠠᠶᠢᠬᠰᠠᠨ ᠬᠠᠭᠤᠴᠢᠨ ᠮᠠᠯᠠᠭᠠᠢ ᠶᠢ ᠲᠤᠷ᠎ᠠ ᠪᠠᠷ ᠢᠶᠠᠨ ᠬᠠᠶᠠᠬᠤ ᠶᠢ ᠴᠡᠭᠡᠷᠯᠡᠳᠡᠭ᠃ ᠬᠡᠷᠪᠠ ᠮᠠᠯᠠᠭᠠᠢ ᠨᠢ ᠬᠠᠭᠤᠴᠢᠷᠠᠵᠤ ᠰᠢᠨ᠎ᠠ ᠶᠢ ᠰᠤᠯᠢᠬᠤ ᠴᠢᠬᠤᠯᠠ ᠲᠠᠢ ᠪᠤᠯ ᠬᠠᠭᠤᠴᠢᠨ ᠮᠠᠯᠠᠭᠠᠢ ᠪᠠᠨ ᠭᠠᠯ ᠳᠤ ᠰᠢᠳᠠᠭᠠᠵᠤ ᠬᠠᠶᠠᠳᠠᠭ᠃ ᠬᠠᠳᠠᠮ ᠠᠬ᠎ᠠ ᠬᠦᠮᠤᠨ ᠲᠡᠭᠦᠦ ᠪᠠᠷᠢ ᠶᠢᠨ ᠢᠶᠠᠨ ᠲᠡᠷᠭᠡᠳᠠ ᠮᠠᠯᠠᠭᠠᠢ ᠪᠠᠨ ᠠᠪᠳᠠᠭ ᠦᠭᠡᠢ᠂ ᠮᠠᠯᠠᠭᠠᠢ ᠪᠠᠨ ᠠᠪᠤᠪᠠᠯ ᠲᠡᠭᠦᠦ ᠪᠠᠷᠢ ᠪᠠᠨ ᠲᠤᠷᠦᠮᠵᠢᠯᠠᠬᠰᠠᠨ ᠶᠠᠪᠤᠳᠠᠯ ᠬᠡᠵᠤ ᠦᠵᠡᠳᠡᠭ᠃ ᠮᠠᠯᠠᠭᠠᠢ ᠶᠢᠨ ᠴᠢᠬᠢ ᠶᠢ ᠪᠠᠭᠤᠯᠭᠠᠬᠰᠠᠨ ᠬᠡᠪ ᠢᠶᠠᠷ ᠠᠶᠢᠯ ᠳᠤ ᠤᠷᠤᠬᠤ ᠶᠢ ᠴᠡᠭᠡᠷᠯᠡᠳᠡᠭ᠃ ᠮᠠᠯᠠᠭᠠᠢ ᠶᠢᠨ ᠴᠢᠬᠢ ᠪᠠᠨ ᠲᠡᠭᠡᠭᠰᠢ ᠲᠠᠳᠠᠵᠤ ᠪᠦᠴᠠ ᠶᠢ ᠨᠢ ᠤᠶᠠᠬᠰᠠᠨ ᠤ ᠲᠠᠷᠠᠭ᠎ᠠ ᠰᠠᠶ᠋ᠢ ᠠᠶᠢᠯ ᠳᠤ ᠤᠷᠤᠳᠠᠭ᠃ ᠮᠠᠯᠠᠭᠠᠢ ᠶᠢᠨ ᠤᠷᠤᠢ ᠪᠠᠷ ᠭᠡᠷ ᠤᠨ ᠤᠨᠢ᠂ ᠡᠭᠦᠳᠠᠨ ᠤ ᠲᠤᠳᠤᠭᠤ ᠮᠦᠷᠭᠦᠭᠦᠯᠭᠦ ᠶᠢ ᠴᠡᠭᠡᠷᠯᠡᠳᠡᠭ᠃ ᠵᠠᠯᠠᠭᠤ ᠪᠠᠭᠠᠴᠤᠳ ᠲᠤ ᠦᠨᠡᠭᠡ᠂ ᠲᠠᠤᠯᠠᠢ᠂ ᠡᠯᠪᠠᠩᠭᠦ ᠵᠡᠷᠭᠡ ᠲᠡᠩᠳᠡᠭᠦᠦ ᠦᠯᠴᠢᠷ ︵ᠬᠡᠳᠤ ᠲᠤᠯᠠᠭᠠᠨ᠂ ᠢᠯᠴᠢᠳᠠᠢ ︶ ᠠᠷᠠᠰᠤᠨ ᠮᠠᠯᠠᠭᠠᠢ ᠡᠮᠤᠰᠭᠡᠳᠡᠭ ᠦᠭᠡᠢ᠂ ᠨᠢᠳᠤᠨ ᠭᠠᠯ ᠮᠠᠭᠤᠳᠠᠨ᠎ᠠ ᠬᠡᠳᠡᠭ᠃ ᠮᠠᠯᠠᠭᠠᠢ ᠶᠢᠨ ᠰᠢᠷᠭᠡᠰᠤ ᠶᠢ ᠵᠦᠷᠢᠭᠦᠦ ᠰᠤᠨᠳᠤᠭᠤᠢ ᠤᠶᠤᠬᠤ ᠶᠢ ᠴᠡᠭᠡᠷᠯᠡᠳᠡᠭ᠃ ᠵᠦᠷᠢᠴᠠᠪᠠᠯ ᠤᠳᠤᠭ ᠤᠪᠤᠭ ᠤᠨ ᠪᠡᠯᠭᠡ ᠲᠡᠮᠳᠡᠭ ᠬᠦᠢᠴᠡᠭᠡ ᠦᠭᠡᠢ ᠬᠡᠵᠤ ᠦᠵᠡᠳᠡᠭ᠃           ᠮᠤᠩᠭᠤᠯ ᠸᠠᠩ ᠬᠦᠡᠭ ᠨᠠᠷ ᠤᠨ ᠮᠠᠯᠠᠭᠠᠢ ᠨᠢ ᠤᠯᠠᠭᠠᠨ ᠵᠢᠩᠰᠠ᠂ ᠤᠯᠠᠭᠠᠨ ᠵᠠᠯᠠᠭ᠎ᠠ ᠲᠠᠢ᠃ ᠠᠷᠤ ᠳᠠᠭᠠᠨ ᠲᠤᠭᠤᠰ ᠤᠨ ᠦᠳᠤ ᠶᠢᠨ ᠤᠨᠵᠢᠯᠭ᠎ᠠ ᠰᠡᠭᠦᠯ ᠲᠠᠢ ᠪᠠᠶᠢᠵᠠᠢ᠃ ᠤᠳᠤᠭ᠎ᠠ᠂ ᠵᠢᠩᠰᠠ ᠪᠤᠯ ᠬᠦᠮᠤᠨ ᠤ ᠤᠳᠤᠮ ᠤᠬᠰᠠᠭ᠎ᠠ᠂ ᠵᠡᠷᠭᠡ ᠲᠤᠰᠢᠶᠠᠯ ᠢ ᠲᠤᠳᠤᠷᠠᠭᠤᠯᠤᠨ ᠢᠯᠡᠳᠭᠡᠭᠦ ᠭᠤᠤᠯ ᠲᠡᠮᠳᠡᠭ ᠪᠤᠯᠵᠤ ᠪᠠᠶᠢᠵᠠᠢ᠃ ᠲᠠᠶᠢᠵᠢ ᠢᠵᠠᠭᠤᠷᠳᠠᠨ᠂ ᠨᠤᠶᠠᠳ ᠲᠦᠰᠢᠮᠡᠳ ᠤᠨ ᠵᠡᠷᠭᠡ ᠲᠤᠰᠢᠶᠠᠯ ᠤᠨ ᠲᠡᠭᠡᠷ᠎ᠠ ᠲᠤᠤᠷ᠎ᠠ ᠶᠢ ᠢᠯᠭᠠᠨ ᠢᠯᠠᠷᠡᠭᠦᠯᠭᠦ ᠳᠡᠭᠡᠨ ᠮᠠᠯᠠᠭᠠᠢ ᠶᠢᠨ ᠤᠷᠤᠢ ᠳᠠᠬᠢ ᠵᠢᠩᠰᠠ ︵ᠲᠡᠪᠡᠭ︶ ᠶᠢᠨ ᠦᠡᠭᠭᠡ᠂ ᠮᠠᠯᠠᠭᠠᠢ ᠵᠡᠭᠦᠭᠰᠡᠨ ᠤᠳᠤᠭ᠎ᠠ ᠶᠢᠨ ᠨᠢᠳᠤ ᠶᠢᠨ ᠲᠤᠭ᠎ᠠ ᠬᠡᠮᠵᠢᠶ᠎ᠠ ᠶᠢ ᠠᠳᠠᠯᠢ ᠪᠤᠰᠤ ᠪᠠᠷ ᠬᠡᠷᠡᠭᠯᠡᠳᠡᠭ᠃  ᠮᠤᠩᠭᠤᠯᠴᠤᠳ ᠶᠡᠷᠦ ᠳᠡᠭᠡᠨ ᠮᠠᠯᠠᠭᠠᠢ ᠶᠢᠨ ᠢᠶᠠᠨ ᠤᠷᠤᠢ ᠳᠤ ᠤᠯᠠᠭᠠᠨ ᠲᠡᠪᠡᠭ ᠬᠠᠳᠠᠵᠤ᠂ ᠬᠡᠶᠢᠮᠤᠷᠢ ᠴᠤᠭ ᠰᠦᠯᠳᠠ ᠶᠢ ᠪᠡᠯᠭᠡᠳᠡᠳᠡᠭ᠃ ᠴᠢᠩ ᠤᠯᠤᠰ ᠤᠨ ᠦᠶ᠎ᠠ ᠳᠤ ᠢᠵᠠᠭᠤᠷᠳᠠᠨ᠂ ᠨᠤᠶᠠᠳ ᠤᠨ ᠮᠠᠯᠠᠭᠠᠢ ᠶᠢᠨ ᠤᠷᠤᠢ ᠳᠤ ᠣᠭ᠍ᠶᠤ ᠱᠢᠷᠤᠨ ᠡᠷᠳᠡᠨᠢ ᠶᠢᠨ ᠵᠢᠩᠰᠠ ᠬᠠᠳᠠᠬᠤ ᠪᠤᠯᠭᠠᠵᠠᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号