ᠵᠦᠢᠷ ᠰᠡᠴᠡᠨ ᠦᠭᠡᠰ
ᠨᠡᠶᠢᠲᠡᠯᠡᠭᠰᠡᠨ ᠴᠠᠭ᠄
2019/12/11
ᠬᠠᠷᠠᠩᠭᠤᠢ ᠰᠥᠨᠢ ᠵᠤᠯᠠ ᠬᠡᠷᠡᠭ ᠲᠠᠢ ᠬᠠᠷᠠᠮᠴᠢ ᠮᠤᠩᠬᠠᠭ ᠲᠤ ᠪᠤᠶᠠᠨ ᠬᠡᠷᠡᠭ ᠲᠠᠢ ᠵᠠᠩ ᠢᠶᠠᠨ ᠠᠯᠳᠠᠪᠠᠯ ᠵᠤᠪᠠᠭ᠋ᠤ ᠵᠠᠮ ᠢᠶᠠᠨ ᠠᠯᠳᠠᠪᠠᠯ ᠲᠥᠭᠡᠷᠢᠬᠦ ᠬᠥᠮᠥᠨ ᠬᠥᠮᠥᠨ ᠤ ᠵᠠᠩ ᠠᠰᠳᠠᠭᠠᠨ ᠬᠥᠯᠥᠭ ᠮᠤᠷᠢᠨ ᠤ ᠲᠡᠪᠬᠢᠶ᠎ᠡ ᠠᠰᠳᠠᠭᠠᠨ ᠨᠤᠮ ᠤᠩᠰᠢᠬᠤ ᠦᠭᠡᠢ ᠪᠤᠯ ᠤᠬᠠᠭᠠᠨ ᠠᠳᠠᠷᠰᠢᠨ᠎ᠠ ᠨᠤᠭᠤᠭ᠎ᠠ ᠤᠷᠭᠤᠬᠤ ᠦᠭᠡᠢ ᠪᠤᠯ ᠬᠥᠷᠤᠰᠤ ᠠᠳᠠᠷᠰᠢᠨ᠎ᠠ ᠬᠥᠯᠥᠭ ᠤᠨ ᠠᠳᠠᠭ ᠬᠠᠱᠠᠩ ᠬᠥᠮᠥᠨ ᠤ ᠠᠳᠠᠭ ᠵᠠᠯᠬᠠᠭᠤ ᠡᠪᠡᠷ ᠰᠢᠭᠠᠪᠠᠯ ᠥᠭᠡᠷ ᠠᠳᠠᠯᠢ ᠰᠡᠬᠦᠯ ᠰᠢᠭᠠᠪᠠᠯ ᠡᠯᠵᠢᠭᠡ ᠠᠳᠠᠯᠢ ᠤᠨᠠᠬᠰᠠᠨ ᠰᠢᠷᠤᠢ ᠠᠯᠳᠠ ᠠᠳᠠᠯᠢ ᠤᠤᠭᠤᠬᠰᠠᠨ ᠤᠰᠤ ᠷᠠᠰᠢᠶᠠᠨ ᠠᠳᠠᠯᠢ ᠲᠤᠰᠠ ᠲᠠᠢ ᠬᠥᠮᠥᠨ ᠤᠰᠤ ᠠᠳᠠᠯᠢ ᠲᠤᠰᠠ ᠦᠭᠡᠢ ᠬᠥᠮᠥᠨ ᠮᠤᠳᠤ ᠠᠳᠠᠯᠢ ᠠᠷᠰᠯᠠᠨ ᠠᠳᠠᠯᠢ ᠠᠷᠬᠢᠷᠠᠭᠠᠳ ᠵᠤᠷᠠᠮ᠎ᠠ ᠠᠳᠠᠯᠢ ᠵᠢᠭᠤᠳᠠᠬᠤ ᠠᠶᠤᠮᠠᠳᠠᠭᠠᠢ ᠬᠥᠮᠥᠨ ᠠᠷᠪᠠ ᠥᠬᠦᠬᠦ ᠠᠶᠤᠳᠠᠭ ᠦᠭᠡᠢ ᠬᠥᠮᠥᠨ ᠨᠢᠭᠡ ᠥᠬᠦᠬᠦ ᠠᠪᠬᠤ ᠬᠥᠮᠥᠨ ᠤ ᠠᠭᠠᠯᠢ ᠨᠢ ᠠᠷᠪᠢᠨ ᠠᠷᠳᠠᠭ ᠬᠥᠮᠥᠨ ᠤ ᠬᠠᠷᠢᠶᠠᠯ ᠨᠢ ᠠᠷᠪᠢᠨ ᠠᠵᠢᠯᠰᠠᠭ ᠬᠥᠮᠥᠨ ᠤ ᠬᠥᠯᠥᠰᠤ ᠨᠢ ᠠᠷᠪᠢᠨ ᠠᠯᠵᠠᠭᠤ ᠬᠥᠮᠥᠨ ᠤ ᠰᠢᠯᠤᠰᠤ ᠨᠢ ᠠᠷᠪᠢᠨ ᠤᠰᠤ ᠢᠷᠡᠬᠦ ᠠᠴᠠ ᠡᠮᠤᠨ᠎ᠡ ᠰᠤᠪᠠᠭ ᠢᠶᠠᠨ ᠤᠴᠢᠷ ᠢᠷᠡᠬᠦ ᠠᠴᠠ ᠡᠮᠤᠨ᠎ᠡ ᠵᠠᠮ ᠢᠶᠠᠨ ᠬᠡᠷᠡᠭ ᠢ ᠭᠠᠷᠬᠤ ᠠᠴᠠ ᠡᠮᠤᠨ᠎ᠡ ᠬᠡᠷᠰᠡᠤᠯᠡ ᠬᠡᠷᠡᠮ ᠢ ᠨᠤᠷᠠᠬᠤ ᠠᠴᠠ ᠡᠮᠤᠨ᠎ᠡ ᠵᠠᠰᠠ ᠤᠯᠵᠠ ᠶᠢᠨ ᠡᠰᠡᠷᠬᠦ ᠭᠠᠷᠤᠵᠠ ᠪᠠᠶᠢᠳᠠᠭ ᠤᠰᠤᠯ ᠤᠨ ᠡᠰᠡᠷᠬᠦ ᠵᠥᠪ ᠪᠠᠶᠢᠳᠠᠭ ᠵᠥᠢᠷ ᠥᠭᠡ ᠴᠡᠭᠡᠵᠢᠨ ᠠᠴᠠ ᠵᠥᠢᠯ ᠤᠨ ᠴᠡᠴᠡᠭ ᠵᠥᠯᠭᠡᠨ ᠠᠴᠠ ᠪᠤᠯᠤᠬᠰᠠᠨ ᠠᠴᠠ ᠠᠮᠠ ᠬᠥᠷᠭᠡᠬᠦ ᠪᠤᠭᠤᠷᠤᠯ ᠠᠴᠠ ᠥᠭᠡ ᠲᠤᠭᠤᠯᠬᠤ ᠭᠤᠤᠯ ᠭᠠᠳᠤᠯᠬᠤ ᠬᠥᠮᠥᠨ ᠤᠯᠤᠮ ᠢ ᠡᠷᠢ ᠭᠤᠤᠯᠴᠢ ᠪᠠᠷ ᠬᠡᠯᠡᠬᠦ ᠬᠥᠮᠥᠨ ᠶᠤᠰᠤ ᠶᠢ ᠡᠷᠢ ᠵᠤᠳ ᠤᠨ ᠮᠠᠯ ᠢ ᠤᠷᠤᠭᠤ ᠡᠷᠢ ᠵᠤᠨ ᠤ ᠮᠠᠯ ᠢ ᠥᠭᠡᠳᠡ ᠡᠷᠢ ᠮᠡᠷᠭᠡᠨ ᠬᠥᠮᠥᠨ ᠳᠤ ᠮᠡᠳᠡᠯᠭᠡ ᠡᠷᠬᠢᠮ ᠮᠤᠩᠬᠠᠭ ᠬᠥᠮᠥᠨ ᠳᠤ ᠡᠳ᠋ ᠡᠷᠬᠢᠮ ᠮᠤᠳᠤ ᠰᠠᠭᠤᠯᠭᠠᠬᠤ ᠳᠤ ᠬᠥᠷᠤᠰᠤ ᠡᠷᠬᠢᠮ ᠮᠡᠳᠡᠯᠭᠡ ᠰᠤᠷᠬᠤ ᠳᠤ ᠴᠠᠭ ᠡᠷᠬᠢᠮ ᠬᠡᠷᠡᠬᠦᠯᠴᠢ ᠬᠥᠮᠥᠨ ᠨᠢᠳᠤᠷᠭ᠎ᠠ ᠪᠠᠨ ᠡᠷᠬᠦᠬᠦ ᠬᠡᠰᠤᠬᠦᠯᠴᠢ ᠨᠤᠬᠠᠢ ᠰᠡᠬᠦᠯ ᠢᠶᠠᠨ ᠡᠷᠬᠦᠬᠦ ᠠᠶᠠᠨ ᠵᠠᠮ ᠳᠤ ᠠᠬᠳᠠ ᠡᠷᠳᠡᠨᠢ ᠠᠮᠢᠳᠤᠷᠠᠯ ᠤᠨ ᠵᠠᠮ ᠳᠤ ᠮᠡᠳᠡᠯᠭᠡ ᠡᠷᠳᠡᠨᠢ ᠡᠷ᠎ᠡ ᠬᠥᠮᠥᠨ ᠢ ᠢᠳᠡᠭᠡᠬᠦ ᠪᠠᠷ ᠢᠶᠠᠨ ᠡᠷᠡᠭᠡᠢ ᠬᠤᠷᠤᠭᠤ ᠪᠠᠨ ᠢᠳᠡᠭᠡ ᠬᠢᠳᠤᠭ᠎ᠠ ᠪᠢᠯᠡᠬᠦᠳᠡᠭᠰᠡᠨ ᠬᠥᠮᠥᠨ ᠮᠢᠬ᠎ᠠ ᠢᠳᠡᠬᠦ ᠬᠡᠯᠡ ᠪᠢᠯᠡᠬᠦᠳᠡᠭᠰᠡᠨ ᠬᠥᠮᠥᠨ ᠲᠠᠰᠢᠭᠤᠷ ᠢᠳᠡᠬᠦ ᠰᠠᠶᠢᠪᠤᠷ ᠮᠤᠷᠢᠨ ᠳᠤ ᠵᠠᠮ ᠥᠢᠷ᠎ᠠ ᠰᠠᠶᠢᠨ ᠬᠥᠮᠥᠨ ᠳᠤ ᠨᠥᠬᠦᠷ ᠥᠢᠷ᠎ᠠ ᠰᠡᠬᠦᠯ ᠠᠴᠠ ᠪᠠᠨ ᠤᠨᠳᠤᠤ ᠬᠠᠨᠢ ᠦᠭᠡᠢ ᠰᠡᠬᠦᠳᠡᠷ ᠠᠴᠠ ᠪᠠᠨ ᠤᠨᠳᠤᠤ ᠬᠠᠨᠢ ᠦᠭᠡᠢ ᠠᠮᠢᠳᠤ ᠬᠥᠮᠥᠨ ᠳᠤ ᠠᠷᠭ᠎ᠠ ᠤᠯᠠᠨ ᠠᠷᠭᠠᠯ ᠤᠨ ᠭᠠᠯ ᠳᠤ ᠥᠨᠡᠰᠤ ᠤᠯᠠᠨ ᠠᠰᠬᠠᠨ ᠮᠤᠳᠤᠨ ᠳᠤ ᠬᠡᠷᠡᠭᠴᠡᠭᠡ ᠤᠯᠠᠨ ᠠᠰᠪᠤᠷᠢ ᠬᠥᠮᠥᠨ ᠳᠤ ᠨᠥᠬᠦᠷ ᠤᠯᠠᠨ ᠡᠪᠡᠳᠴᠢᠨ ᠲᠠᠢ ᠬᠥᠮᠥᠨ ᠤ ᠶᠤᠤᠯᠠᠬᠤ ᠨᠢ ᠤᠯᠠᠨ ᠡᠷᠭᠡ ᠲᠠᠢ ᠬᠡᠤᠬᠡᠳ ᠤᠨ ᠤᠬᠢᠯᠠᠬᠤ ᠨᠢ ᠤᠯᠠᠨ ᠨᠤᠮᠢᠨ ᠤᠰᠤᠨ ᠳᠤ ᠨᠤᠭᠤᠰᠤ ᠤᠯᠠᠨ ᠨᠤᠮ ᠤᠨ ᠬᠡᠷ ᠲᠤ ᠡᠷᠳᠡᠮᠳᠡᠨ ᠤᠯᠠᠨ ᠮᠠᠭᠤ ᠬᠥᠮᠥᠨ ᠤ ᠥᠭᠡ ᠨᠢ ᠤᠯᠠᠨ ᠮᠤᠰᠢᠭᠠᠢ ᠮᠤᠳᠤᠨ ᠤ ᠬᠡᠰᠢᠬᠦᠤ ᠨᠢ ᠤᠯᠠᠨ ᠬᠠᠷ᠎ᠠ ᠤᠰᠤᠨ ᠠᠴᠠ ᠲᠤᠰᠤ ᠤᠯᠬᠤ ᠦᠭᠡᠢ ᠬᠤᠪᠢᠨᠴᠢᠷ ᠬᠥᠮᠥᠨ ᠠᠴᠠ ᠲᠤᠰᠠ ᠤᠯᠬᠤ ᠦᠭᠡᠢ ᠲᠡᠭᠡᠷᠡᠬᠢ ᠨᠢ ᠰᠠᠭᠤᠳᠠᠯ ᠢᠶᠠᠨ ᠤᠯᠬᠤ ᠦᠭᠡᠢ ᠪᠤᠯ ᠲᠤᠤᠷᠠᠬᠢ ᠨᠢ ᠬᠥᠶᠥᠳᠡᠯ ᠢᠶᠠᠨ ᠤᠯᠬᠤ ᠦᠭᠡᠢ ᠤᠳᠤᠮ ᠤᠨ ᠰᠠᠶᠢᠨ ᠢᠶᠠᠷ ᠠᠯᠳᠠᠷᠰᠢᠳᠠᠭ ᠤᠬᠠᠭᠠᠨ ᠤ ᠰᠠᠶᠢᠨ ᠢᠶᠠᠷ ᠮᠡᠷᠭᠡᠰᠢᠳᠡᠭ ᠬᠡᠯᠡ ᠳᠤ ᠤᠷᠤᠵᠤ ᠥᠭᠡ ᠬᠡᠯᠡᠳᠡᠭ ᠬᠥᠯ ᠳᠤ ᠤᠷᠤᠵᠤ ᠭᠠᠵᠠᠷ ᠬᠢᠰᠬᠢᠳᠡᠭ ᠬᠥᠮᠥᠨ ᠤ ᠲᠤᠳᠤᠷ᠎ᠠ ᠬᠥᠮᠥᠨ ᠤᠷᠤᠬᠤ ᠦᠭᠡᠢ ᠴᠢᠯᠠᠭᠤᠨ ᠤ ᠲᠤᠳᠤᠷ᠎ᠠ ᠤᠰᠤ ᠤᠷᠤᠬᠤ ᠦᠭᠡᠢ ᠡᠳ᠋ ᠲᠤ ᠰᠢᠨᠤᠪᠠᠯ ᠲᠤᠷᠤᠶᠢᠳᠠᠨ᠎ᠠ ᠡᠷᠳᠡᠮ ᠳᠤ ᠰᠢᠨᠤᠪᠠᠯ ᠤᠬᠠᠭᠠᠵᠢᠨ᠎ᠠ ᠶᠢᠷᠳᠢᠨᠴᠤ ᠶᠢᠨ ᠤᠬᠠᠭᠠᠨ ᠬᠥᠮᠥᠨ ᠳᠤ ᠬᠥᠮᠥᠨ ᠤ ᠤᠬᠠᠭᠠᠨ ᠡᠷᠳᠡᠮ ᠳᠤ ᠵᠠᠯᠬᠠᠭᠤ ᠬᠥᠮᠥᠨ ᠳᠤ ᠵᠠᠮ ᠬᠤᠯᠠ ᠵᠠᠯᠢᠬᠠᠢ ᠬᠥᠮᠥᠨ ᠳᠤ ᠨᠥᠬᠦᠷ ᠬᠤᠯᠠ ᠠᠬ᠎ᠠ ᠰᠠᠶᠢᠳᠤ ᠶᠢᠨ ᠲᠡᠬᠦᠤ ᠴᠡᠴᠡᠭ ᠠᠵᠢᠯ ᠰᠠᠶᠢᠳᠤ ᠶᠢᠨ ᠬᠡᠷ ᠴᠡᠮᠴᠡᠭᠡᠷ ᠠᠷᠭᠠᠳᠤ ᠲᠠᠤᠯᠠᠢ ᠠᠷᠰᠯᠠᠨ ᠢ ᠪᠠᠷᠢᠨ᠎ᠠ ᠠᠭᠤᠯᠵᠠᠬᠤ ᠦᠭᠡᠢ ᠬᠡᠰᠡᠨ ᠬᠥᠮᠥᠨ ᠲᠠᠢ ᠭᠤᠷᠪᠠ ᠠᠭᠤᠯᠵᠠᠨ᠎ᠠ ᠤᠷᠤᠬᠤ ᠦᠭᠡᠢ ᠭᠡᠰᠡᠨ ᠠᠶᠢᠯ ᠳᠤ ᠭᠤᠷᠪᠠ ᠤᠷᠤᠨ᠎ᠠ ᠢᠳᠡᠭᠰᠡᠨ ᠡᠷᠡᠤ ᠬᠤᠪᠬᠠᠶᠢᠷᠠᠵᠤ ᠢᠳᠡᠭᠳᠡᠭᠰᠡᠨ ᠲᠤᠪᠤ ᠨᠤᠭᠤᠭᠠᠷᠠᠨ᠎ᠠ ᠢᠳᠡᠭᠡᠯ ᠢ ᠤᠯᠬᠤ ᠳᠤ ᠥᠨᠡᠨ ᠬᠡᠷᠡᠭ ᠲᠠᠢ ᠠᠳᠡᠡᠬᠦᠤ ᠢ ᠬᠠᠯᠠᠬᠤ ᠳᠤ ᠰᠢᠳᠤᠷᠭᠤ ᠬᠡᠷᠡᠭ ᠲᠠᠢ ᠤᠯᠠᠨ ᠥᠭᠡᠨ ᠳᠤ ᠤᠯᠵᠠ ᠦᠭᠡᠢ ᠤᠬᠳᠤᠷ ᠨᠤᠬᠠᠢ ᠳᠤ ᠰᠢᠨᠵᠢ ᠦᠭᠡᠢ ᠤᠷᠤᠭ᠎ᠠ ᠮᠤᠷᠢ ᠶᠢ ᠤᠷᠭ᠎ᠠ ᠪᠠᠷ ᠠᠭᠤᠷᠳᠠᠢ ᠬᠥᠮᠥᠨ ᠢ ᠠᠷᠭ᠎ᠠ ᠪᠠᠷ ᠤ ᠲᠠᠢ ᠥᠢᠷᠠᠳᠤᠪᠠᠯ ᠴᠠᠭᠠᠨ ᠬᠥ᠋ ᠲᠠᠢ ᠥᠢᠷᠠᠳᠤᠪᠠᠯ ᠬᠠᠷ᠎ᠠ ᠤᠮᠤᠬᠳᠠᠢ ᠲᠠᠷᠢᠬᠢᠨ ᠳᠤ ᠤᠬᠠᠭᠠᠨ ᠪᠠᠭ᠎ᠠ ᠤᠪ ᠲᠠᠢ ᠲᠠᠷᠢᠬᠢᠨ ᠳᠤ ᠤᠢ ᠪᠠᠭ᠎ᠠ ᠤᠬᠢᠯᠠᠭ᠎ᠠ ᠤᠬᠢᠯᠠᠭ᠎ᠠ ᠬᠥᠮᠥᠨ ᠪᠤᠯᠵᠤ ᠮᠠᠶᠢᠯᠠᠭ᠎ᠠ ᠮᠠᠶᠢᠯᠠᠭ᠎ᠠ ᠮᠠᠯ ᠪᠤᠯᠳᠠᠭ ᠤᠬᠢᠯᠠᠬᠰᠠᠨ ᠬᠥᠮᠥᠨ ᠠᠴᠠ ᠪᠤᠤ ᠠᠰᠠᠭᠤ ᠢᠨᠢᠶᠡᠭᠰᠡᠨ ᠬᠥᠮᠥᠨ ᠠᠴᠠ ᠠᠰᠠᠭᠤ ᠤᠷᠤᠰᠬᠠᠯ ᠤᠰᠤ ᠥᠮᠡᠭᠡᠶᠢᠷᠡᠬᠦ ᠦᠭᠡᠢ ᠤᠬᠯᠤᠷᠭ᠎ᠠ ᠮᠤᠳᠤ ᠬᠤᠷᠤᠬᠠᠶᠢᠳᠠᠬᠤ ᠦᠭᠡᠢ ᠥᠭᠡᠳᠡᠯᠡᠬᠦ ᠳᠤ ᠥᠬᠢᠨ ᠴᠠᠭᠠᠨ ᠬᠤᠷᠠᠭ᠎ᠠ ᠤᠷᠤᠭᠤᠳᠠᠬᠤ ᠳᠤ ᠤᠬᠤᠨ᠎ᠠ ᠴᠠᠭᠠᠨ ᠢᠰᠢᠭᠡ ᠥᠷᠯᠥᠭᠡ ᠶᠢᠨ ᠲᠤᠯᠠᠭᠠᠨ ᠢ ᠲᠤᠯᠠᠭᠠᠨ ᠳᠤ ᠪᠤᠤ ᠪᠤᠳᠤ ᠥᠰᠬᠦ ᠶᠢᠨ ᠵᠢᠷᠭᠠᠯ ᠢ ᠵᠢᠷᠭᠠᠯ ᠳᠤ ᠪᠤᠤ ᠪᠤᠳᠤ ᠥᠭᠬᠢᠶᠠᠮᠤᠷ ᠬᠥᠮᠥᠨ ᠥᠪᠡᠷ ᠢᠶᠠᠨ ᠬᠤᠭᠤᠰᠤᠨ ᠥᠭᠡᠬᠦ ᠥᠭᠬᠦᠭᠰᠡᠨ ᠬᠥᠮᠥᠨ ᠲᠠᠢ ᠥᠷᠯᠥᠭᠡ ᠥᠳᠡᠰᠢ ᠦᠭᠡᠢ ᠬᠡᠷᠡᠬᠦᠯ ᠥᠨᠡᠨ ᠥᠭᠡ ᠶᠠᠷᠢᠬᠰᠠᠨ ᠬᠥᠮᠥᠨ ᠳᠤ ᠬᠥᠮᠥᠨ ᠥᠰᠢᠶ᠎ᠡ ᠲᠠᠢ ᠥᠨᠳᠤᠷ ᠮᠤᠳᠤ ᠪᠠᠷᠢᠬᠰᠠᠨ ᠬᠥᠮᠥᠨ ᠳᠤ ᠨᠤᠬᠠᠢ ᠥᠰᠢᠶ᠎ᠠ ᠲᠠᠢ ᠨᠠᠮᠤᠷ ᠡᠪᠡᠰᠤ ᠤᠪᠤᠭᠠᠯᠠᠬᠤ ᠦᠭᠡᠢ ᠪᠤᠯ ᠬᠠᠪᠤᠷ ᠶᠠᠰᠤ ᠤᠪᠤᠭᠠᠯᠠᠨ᠎ᠠ ᠨᠢᠭᠡ ᠥᠭᠡᠷ ᠤᠨ ᠡᠪᠡᠷ ᠢ ᠴᠤᠬᠢᠬᠤ ᠳᠤ ᠮᠢᠩᠭᠠᠨ ᠥᠭᠡᠷ ᠤᠨ ᠡᠪᠡᠷ ᠲᠤᠷᠬᠢᠨ᠎ᠠ ᠨᠢᠭᠡ ᠡᠳᠤᠷ ᠲᠠᠨᠢᠯᠴᠠᠵᠤ ᠮᠢᠩᠭᠠᠨ ᠡᠳᠤᠷ ᠨᠥᠬᠦᠷᠯᠠᠨ᠎ᠠ ᠨᠤᠮᠤᠬᠠᠨ ᠲᠡᠮᠡᠭᠡ ᠶᠢ ᠨᠤᠤᠯᠠᠬᠤ ᠳᠤ ᠠᠮᠠᠷ ᠨᠤᠮᠤᠢ ᠬᠥᠮᠥᠨ ᠢ ᠵᠠᠷᠤᠬᠤ ᠳᠤ ᠠᠮᠠᠷ ᠪᠠᠶᠠᠵᠢᠶ᠎ᠡ ᠬᠡᠪᠡᠯ ᠡᠪᠤᠯ ᠵᠤᠨ ᠬᠤᠶᠠᠷ ᠪᠠᠷᠠᠬᠳᠠᠶ᠎ᠡ ᠭᠡᠪᠡᠯ ᠡᠳᠤᠷ ᠰᠥᠨᠢ ᠬᠤᠶᠠᠷ ᠪᠠᠷᠠᠵᠤ ᠢᠳᠡᠭᠰᠡᠨ ᠪᠠᠶᠠᠨ ᠠᠴᠠ ᠮᠠᠷᠠᠵᠤ ᠢᠳᠡᠭᠰᠡᠨ ᠬᠤᠭᠤᠰᠤᠨ ᠲᠡᠭᠡᠷ᠎ᠡ ᠬᠠᠷᠢ ᠶᠢᠨ ᠬᠥᠮᠥᠨ ᠬᠠᠷᠢ ᠳᠤ ᠪᠠᠨ ᠬᠥᠨᠳᠤ ᠬᠠᠶᠠᠬᠰᠠᠨ ᠴᠢᠯᠠᠭᠤ ᠭᠠᠵᠠᠷ ᠲᠤ ᠪᠠᠨ ᠬᠥᠨᠳᠤ ᠬᠡᠷᠢᠶ᠎ᠡ ᠭᠠᠯᠠᠭᠤ ᠶᠢ ᠲᠠᠭᠤᠷᠢᠶᠠᠵᠤ ᠤᠰᠤᠨ ᠳᠤ ᠤᠨᠠᠬᠤ ᠬᠡᠷᠡᠭᠯᠡᠬᠦ ᠶᠢᠨ ᠥᠵᠥᠬᠦᠷ ᠬᠡᠷᠢᠶᠡᠨ ᠤ ᠥᠳᠤ ᠮᠢᠩᠭᠠᠨ ᠯᠠᠩ ᠬᠡᠭᠡᠷ᠎ᠡ ᠠᠯᠠᠭ ᠠᠴᠠ ᠰᠢᠬᠢᠷ᠎ᠠ ᠠᠯᠠᠭ ᠬᠡᠯᠳᠡᠩ ᠬᠡᠬᠦᠤ ᠠᠴᠠ ᠱᠤᠪᠳᠤᠩ ᠤᠨᠠᠭ᠎ᠠ ᠬᠡᠯᠡᠭᠰᠡᠨ ᠥᠭᠡᠨ ᠳᠤ ᠪᠠᠨ ᠡᠵᠡᠨ ᠰᠠᠭᠤ ᠢᠳᠡᠭᠰᠡᠨ ᠪᠤᠳᠠᠭᠠᠨ ᠳᠤ ᠪᠠᠨ ᠰᠠᠪᠠ ᠪᠤᠯ ᠬᠥᠴᠤᠯᠡᠬᠦ ᠪᠠᠷ ᠡᠪ ᠢ ᠨᠢ ᠤᠯ ᠬᠡᠷᠡᠯᠳᠤᠬᠦ ᠪᠠᠷ ᠤᠴᠢᠷ ᠢ ᠨᠢ ᠤᠯ ᠮᠠᠭᠤ ᠬᠥᠮᠥᠨ ᠠᠷᠢᠬᠢᠨ ᠳᠤ ᠴᠢᠩᠭᠠᠷᠠᠵᠤ ᠮᠠᠭᠤ ᠮᠢᠬ᠎ᠠ ᠲᠠᠪᠤᠰᠤᠨ ᠳᠤ ᠴᠢᠩᠭᠠᠷᠠᠵᠤ ᠮᠠᠭᠤ ᠲᠠᠢ ᠨᠥᠬᠦᠷᠯᠡᠪᠡᠯ ᠮᠤᠭᠠᠢ ᠶᠢᠨ ᠬᠤᠤᠷ ᠰᠠᠶᠢᠨ ᠲᠠᠢ ᠨᠥᠬᠦᠷᠯᠡᠪᠡᠯ ᠰᠠᠷᠠᠨ ᠤ ᠬᠡᠷᠡᠯ ᠮᠠᠭᠤ ᠬᠥᠮᠥᠨ ᠤᠬᠢᠯᠠᠨ ᠬᠡᠯᠡᠬᠦ ᠮᠠᠭᠤ ᠨᠤᠬᠠᠢ ᠤᠯᠢᠨ ᠬᠤᠴᠠᠬᠤ ᠮᠠᠯ ᠮᠢᠬ᠎ᠠ ᠪᠠᠷ ᠬᠥᠮᠥᠨ ᠡᠮᠤᠰᠬᠦ ᠪᠠᠷ ᠮᠡᠳᠡᠨ᠎ᠡ ᠭᠡᠪᠡᠯ ᠬᠡᠷᠡᠴᠢ ᠪᠤᠯᠳᠠᠭ ᠴᠢᠳᠠᠨ᠎ᠠ ᠭᠡᠪᠡᠯ ᠵᠠᠷᠤᠴᠠ ᠪᠤᠯᠳᠠᠭ ᠮᠢᠬ᠎ᠠ ᠴᠢᠨᠠᠭᠠᠳ ᠱᠥᠯᠤ ᠨᠡᠶᠢᠯᠡᠬᠦ ᠦᠭᠡᠢ ᠮᠠᠨᠢ ᠲᠤᠭᠠᠯᠠᠭᠠᠳ ᠰᠥᠵᠢᠭ ᠨᠡᠶᠢᠯᠡᠬᠦ ᠦᠭᠡᠢ ᠮᠤᠷᠢᠳᠠᠢ ᠬᠥᠮᠥᠨ ᠪᠠᠭᠤᠭᠠᠳ ᠬᠠᠷᠠᠮᠠᠷ ᠶᠠᠪᠠᠭᠠᠨ ᠬᠥᠮᠥᠨ ᠰᠠᠭᠤᠭᠠᠳ ᠬᠠᠷᠠᠮᠠᠷ ᠡᠳ᠋ ᠴᠠᠭᠠᠨ ᠨᠢᠳᠤ ᠤᠯᠠᠭᠠᠨ ᠨᠤᠤᠬ᠎ᠠ ᠶᠢ ᠨᠢ ᠠᠪᠬᠤ ᠬᠡᠳ ᠨᠢᠳᠤ ᠶᠢ ᠨᠢ ᠰᠤᠬᠤᠯᠬᠤ ᠯᠠᠮᠠ ᠮᠠᠭᠤᠳᠠᠪᠠᠯ ᠲᠠᠭᠤᠯᠠᠬᠤ ᠢᠮᠠᠭ᠎ᠠ ᠮᠠᠭᠤᠳᠠᠪᠠᠯ ᠮᠠᠶᠢᠯᠠᠬᠤ ᠯᠤᠤ ᠠᠷᠪᠢᠳᠠᠪᠠᠯ ᠪᠤᠷᠤᠭᠠᠨ ᠦᠭᠡᠢ ᠪᠢᠯᠳᠠᠤᠴᠢ ᠵᠠᠩ ᠪᠡᠶ᠎ᠡ ᠳᠤ ᠮᠠᠭᠤᠬᠠᠢ ᠪᠠᠰᠢᠷ ᠠᠷᠭ᠎ᠠ ᠬᠥᠮᠥᠨ ᠳᠤ ᠮᠠᠭᠤᠬᠠᠢ ᠵᠢᠰᠤ ᠪᠠᠨ ᠮᠡᠳᠡᠬᠦ ᠦᠭᠡᠢ ᠲᠤᠯᠢ ᠪᠠᠨ ᠮᠠᠭᠤᠯᠠᠬᠤ ᠵᠢᠷᠤᠭᠡ ᠪᠠᠨ ᠮᠡᠳᠡᠬᠦ ᠦᠭᠡᠢ ᠬᠠᠨᠢ ᠪᠠᠨ ᠮᠠᠭᠤᠯᠠᠬᠤ ᠠᠳᠡ ᠢᠷᠡᠵᠤ ᠡᠷᠬᠢ ᠮᠥᠷᠬᠦᠬᠦ ᠲᠡᠨᠳᠡ ᠤᠴᠢᠵᠤ ᠲᠡᠷᠭᠡ ᠮᠥᠷᠬᠦᠬᠦ ᠰᠥᠮ᠎ᠠ ᠳᠤ ᠦᠭᠡᠢ ᠯᠠᠮᠠ ᠰᠥᠷᠥᠭ ᠲᠤ ᠦᠭᠡᠢ ᠪᠤᠬ᠎ᠠ ᠨᠤᠬᠠᠢ ᠶᠢᠨ ᠰᠥᠷ ᠡᠵᠡᠨ ᠳᠤ ᠪᠠᠨ ᠨᠤᠶᠠᠨ ᠤ ᠰᠥᠷ ᠡᠷᠭᠡ ᠳᠤ ᠪᠠᠨ ᠬᠤᠯᠠᠭᠠᠶᠢᠴᠢ ᠬᠥᠮᠥᠨ ᠤ ᠬᠢᠮᠤᠰᠤ ᠨᠢ ᠱᠥᠪᠤᠬᠡᠷ ᠬᠤᠳᠠᠯᠴᠢ ᠬᠥᠮᠥᠨ ᠤ ᠬᠡᠯᠡ ᠨᠢ ᠱᠥᠪᠤᠬᠡᠷ ᠥᠭᠡᠨ ᠳᠤ ᠤᠳᠬ᠎ᠠ ᠲᠠᠢ ᠥᠨᠢᠶᠡᠨ ᠳᠤ ᠲᠤᠭᠤᠯ ᠲᠠᠢ ᠬᠤᠯᠠᠭᠠᠶᠢᠴᠢ ᠬᠥᠮᠥᠨ ᠠᠷᠭ᠎ᠠ ᠲᠠᠢ ᠬᠤᠳᠠᠯᠴᠢ ᠬᠥᠮᠥᠨ ᠮᠡᠭᠡ ᠲᠠᠢ ᠰᠠᠶᠢᠨ ᠬᠠᠪᠤᠷ ᠴᠠᠰᠤ ᠲᠠᠢ ᠮᠠᠭᠤ ᠨᠠᠮᠤᠷ ᠪᠤᠷᠤᠭᠠᠨ ᠲᠠᠢ ᠤᠰᠤᠨ ᠤ ᠬᠥᠨ ᠢ ᠤᠷᠭ᠎ᠠ ᠪᠠᠷ ᠲᠠᠨᠢᠬᠤ ᠬᠥᠮᠥᠨ ᠤ ᠬᠥᠨ ᠢ ᠥᠭᠡ ᠲᠠᠨᠢᠬᠤ ᠬᠡ ᠪᠠᠭᠰᠢ ᠶᠢᠨ ᠪᠢᠴᠢᠭ ᠢ ᠬᠡᠨ ᠴᠦ ᠲᠠᠨᠢᠬᠤ ᠦᠭᠡᠢ ᠬᠡᠳᠤ ᠬᠤᠨᠤᠪᠠᠯ ᠥᠪᠡᠷ ᠢᠶᠠᠨ ᠴᠦ ᠲᠠᠨᠢᠬᠤ ᠦᠭᠡᠢ ᠠᠴᠢ ᠪᠠᠨ ᠲᠠᠨᠢᠬᠤ ᠦᠭᠡᠢ ᠥᠨᠢᠷ ᠠᠬᠳᠠ ᠪᠠᠨ ᠲᠠᠨᠢᠬᠤ ᠦᠭᠡᠢ ᠪᠠᠶᠠᠨ ᠥᠰᠬᠦ ᠬᠡᠤᠬᠡᠳ ᠲᠤ ᠥᠰ ᠪᠤᠤ ᠲᠠᠯᠪᠢ ᠥᠳᠡᠯᠬᠦ ᠬᠥᠮᠥᠨ ᠳᠤ ᠥᠷᠢ ᠪᠤᠤ ᠲᠠᠯᠪᠢ ᠵᠤᠪᠠᠯᠠᠩ ᠪᠤᠯᠪᠠᠯ ᠯᠠᠮᠠ ᠲᠠᠷᠭᠤᠯᠠᠬᠤ ᠵᠤᠳ ᠪᠤᠯᠪᠠᠯ ᠨᠤᠬᠠᠢ ᠲᠠᠷᠭᠤᠯᠠᠬᠤ ᠲᠡᠭᠡᠬᠦᠷ ᠨᠡᠷ᠎ᠡ ᠲᠡᠮᠡᠴᠡᠬᠦ ᠲᠤᠤᠭᠤᠷ ᠠᠮᠢ ᠲᠡᠮᠡᠴᠡᠬᠦ ᠡᠭᠡ ᠪᠡᠷᠢ ᠬᠤᠶᠠᠷ ᠬᠡᠷᠡᠯᠳᠤᠪᠡᠯ ᠡᠯᠪᠡᠷᠢᠯ ᠦᠭᠡᠢ ᠶᠢᠨ ᠲᠡᠮᠳᠡᠭ ᠪᠠᠭᠰᠢ ᠱᠠᠪᠢ ᠬᠤᠶᠠᠷ ᠬᠡᠷᠡᠯᠳᠤᠪᠡᠯ ᠨᠤᠮ ᠰᠤᠷᠬᠤ ᠦᠭᠡᠢ ᠶᠢᠨ ᠲᠡᠮᠳᠡᠭ ᠠᠯᠵᠠᠭᠤ ᠵᠠᠯᠬᠠᠭᠤ ᠶᠠᠳᠠᠭᠤᠷᠠᠯ ᠤᠨ ᠲᠡᠮᠳᠡᠭ ᠠᠵᠢᠯᠴᠢ ᠠᠷᠪᠢᠴᠢ ᠪᠠᠶᠠᠵᠢᠯ ᠤᠨ ᠲᠡᠮᠳᠡᠭ ᠬᠤᠯᠠ ᠪᠠᠶᠢᠬᠤ ᠤᠰᠤ ᠬᠤᠭᠤᠯᠠᠢ ᠬᠠᠳᠠᠬᠤ ᠳᠤ ᠲᠤᠰᠠ ᠦᠭᠡᠢ ᠬᠡᠷᠡᠴᠢ ᠴᠦ ᠵᠠᠷᠭᠤ ᠲᠥᠪᠡᠭ ᠪᠠᠷᠢᠴᠠ ᠦᠭᠡᠢ ᠬᠡᠷᠡᠭ ᠲᠥᠪᠡᠭ ᠴᠠᠭᠠᠰᠤᠨ ᠰᠢᠪᠠᠭᠤ ᠵᠢᠪᠡᠷ ᠲᠠᠭᠠᠭᠠᠬᠤ ᠦᠭᠡᠢ ᠰᠢᠪᠡᠷ ᠬᠥᠮᠥᠨ ᠪᠤᠷᠤᠭᠠᠨ ᠲᠠᠭᠠᠭᠠᠬᠤ ᠦᠭᠡᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号