︽ᠨᠠᠰᠤᠠ ᠪᠠᠶᠠᠷ︾ ᠤᠨ ᠢᠷᠤᠭᠡᠯ
ᠨᠡᠶᠢᠲᠡᠯᠡᠭᠰᠡᠨ ᠴᠠᠭ᠄
2019/12/11
ᠮᠤᠩᠭᠤᠯᠴᠤᠳ ᠨᠠᠰᠤᠳᠡᠨ ᠬᠦᠮᠤᠨ ᠤ ᠪᠠᠨ ᠨᠠᠰᠤᠨ ᠪᠠᠶᠠᠷ ᠢ ᠲᠡᠮᠳᠡᠭᠯᠡᠬᠦ ᠶᠢ ᠨᠢᠭᠡᠨ ᠵᠢᠷᠡᠨ ᠢᠶᠠᠷ ᠪᠠᠷᠢᠮᠵᠢᠶᠠᠯᠠᠵᠤ᠂ ᠨᠠᠰᠤᠳᠠᠶᠢᠴᠤᠳ ᠲᠠᠭᠠᠨ ︽ᠨᠠᠰᠤᠨ ᠪᠠᠶᠠᠷ︾ ᠬᠢᠵᠤ ᠦᠭᠳᠡᠭ ᠵᠤᠷᠰᠢᠯ ᠲᠠᠢ᠃ ᠡᠨᠡ ᠨᠤᠳᠤᠭ ᠲᠤ ᠪᠤᠯ ᠵᠢᠷᠡᠨ ᠨᠢᠭᠡᠨ ᠨᠠᠰᠤᠨ ᠤ ᠪᠠᠶᠠᠷ ᠢ ᠲᠠᠮᠢ ᠴᠢᠬᠤᠯᠠᠴᠢᠯᠠᠬᠤ ᠦᠭᠡᠢ᠃ ᠬᠠᠷᠢᠨ ᠲᠠᠯᠠᠨ ᠭᠤᠷᠪᠡ ᠶᠢᠨ ᠵᠢᠯ ᠤᠷᠤᠬᠤ ᠪᠤᠶᠤ ᠤᠨᠴᠠᠭᠠᠶᠢᠯᠡᠨ ᠨᠠᠶᠠᠨ ᠨᠢᠭᠡ ᠶᠢᠨ ᠨᠠᠰᠤᠨ ᠬᠦᠷᠬᠦ ᠳᠤ ᠮᠦᠨ ᠵᠢᠯ ᠤᠨ ᠬᠢᠨᠢ ᠴᠠᠭᠠᠨ ᠰᠠᠷ᠎ᠠ ᠶᠢᠨ ᠡᠬᠢᠨ ᠤ ᠰᠠᠶᠢᠨ ᠡᠳᠤᠷ ᠢ ᠰᠤᠩᠭᠤᠵᠤ᠂ ᠵᠢᠯ ᠠᠯᠬᠤᠭᠤᠯᠬᠤ ᠪᠠᠶᠠᠷ ᠢ ᠬᠢᠵᠤ ᠨᠠᠶᠠᠨ ᠬᠤᠶᠠᠷ ᠨᠠᠰᠤᠳᠠᠢ ᠪᠤᠯᠭᠠᠳᠠᠭ ᠨᠢᠭᠡᠨ ᠴᠢᠬᠤᠯᠨ ᠶᠤᠰᠤᠨ ᠪᠤᠢ᠃ ᠤᠴᠢᠷ ᠨᠢ ᠨᠠᠶᠠᠨ ᠨᠢᠭᠡᠨ ᠨᠠᠰᠤᠳᠠᠢ ᠳᠠᠭᠠᠨ ᠬᠡᠨᠡᠳᠳᠡ ᠨᠠᠰᠤ ᠪᠠᠷᠠᠴᠢᠬᠠᠪᠡᠯ ︽ᠶᠢᠰᠤ ᠶᠢᠰᠤᠨ ᠤ ᠨᠠᠶᠠᠨ ᠨᠢᠭᠡᠨ ᠢᠷᠸ᠎ᠠ︾ ᠬᠤᠶᠢᠴᠢ ᠦᠷᠡᠰ ᠲᠤ ᠨᠢ ᠮᠠᠭᠤ ᠪᠤᠯᠤᠨ᠎ᠠ ᠭᠡᠵᠤ ᠦᠵᠡᠳᠡᠭ ᠠᠴᠠ ᠪᠤᠯᠵᠠᠢ᠃ ᠦᠨᠳᠤᠷ ᠨᠠᠰᠤᠳᠡᠨ ᠳᠠᠭᠠᠨ ︽ᠨᠠᠰᠤᠨ ᠪᠠᠶᠠᠷ︾ ᠬᠢᠬᠦ ᠪᠠᠷ ᠪᠤᠯᠪᠠᠯ ᠲᠡᠭᠡᠷ᠎ᠡ ᠵᠢᠯ ᠤᠨ ᠬᠢᠨᠢ ᠡᠴᠤᠰ ᠢᠶᠠᠷ᠄ ︽ᠮᠠᠨ ᠤ ᠨᠠᠰᠤᠳᠡᠨ ᠭᠡᠨ ᠭᠡᠨ ᠤᠳᠤ ᠵᠢᠯ ᠭᠠᠷᠪᠡᠯ ᠬᠡᠳᠤᠢ ᠨᠠᠰᠤᠨ ᠤ ᠬᠢᠨᠢ ᠤᠢ ᠢᠷᠡᠵᠤ ᠪᠤᠢ᠃ ᠴᠠᠭᠠᠨ ᠰᠠᠷ᠎ᠠ ᠶᠢᠨ ᠬᠡᠳᠤᠨ  ᠳᠤ ᠨᠠᠰᠤᠨ ᠪᠠᠶᠠᠷ ᠶᠢᠨ ᠨᠢ ᠦᠡᠭᠭᠡᠷᠡᠭᠦᠯᠬᠦ ᠪᠠᠷ ᠲᠤᠭᠳᠠᠪᠠ᠃︾ ᠭᠡᠵᠤ ᠠᠪᠠᠭ᠎ᠠ ᠨᠠᠭᠠᠴᠤ ᠠᠬ᠎ᠠ ᠲᠡᠭᠦᠤ᠂ ᠠᠶᠢᠯ ᠠᠶᠢᠮᠠᠭ ᠰᠠᠳᠤᠨ ᠰᠠᠯᠪᠤᠷᠢ ᠳᠠᠭᠠᠨ ᠮᠡᠳᠡᠭᠳᠡᠨ᠎ᠡ᠃ ᠲᠡᠷᠨ ᠡᠳᠤᠷ ᠨᠢ ᠢᠷᠡᠬᠦ ᠵᠤᠷᠢᠯᠭ᠎ᠠ ᠪᠦᠭᠦᠢ ᠬᠦᠮᠤᠰ ᠲᠤᠰ ᠠᠶᠢᠯ  ᠳᠤ ᠠᠶᠢᠯᠴᠢᠯᠡᠨ ᠢᠷᠡᠵᠤ ︽ᠰᠢᠨ᠎ᠡ ᠶᠢᠨ ᠲᠡᠭᠡᠵᠢ︾ ᠬᠦᠷᠭᠡᠬᠦ ᠶᠢᠨ ᠲᠠᠭᠠᠤ ᠳᠤ ᠦᠨᠳᠤᠷ ᠨᠠᠰᠤᠳᠡᠨ ᠤ ︽ᠨᠠᠰᠤᠨ ᠪᠠᠶᠠᠷ︾ ᠢ ᠲᠡᠮᠳᠡᠭᠯᠡᠬᠦ ᠠᠵᠢᠯᠯᠠᠭᠠᠨ ᠳᠤ ᠤᠷᠤᠯᠴᠠᠨ᠎ᠠ᠃ ᠨᠠᠰᠤᠳᠠᠢ ᠬᠦᠮᠤᠨ ᠠᠴᠠ ︽ᠨᠠᠰᠤᠨ ᠪᠠᠶᠠᠷ︾ ᠲᠤᠨᠢ ᠤᠷᠤᠯᠴᠠᠵᠤ ᠪᠡᠯᠡᠭ ᠰᠠᠯᠳᠡ ᠡᠷᠭᠦᠵᠤ ᠪᠠᠶᠢᠭ᠎ᠠ ᠬᠦᠮᠤᠰ  ᠲᠡᠭᠡᠨ ᠬᠠᠷᠢᠭᠤ ᠳᠤ ᠬᠠᠷᠢᠭᠤ ᠢᠷᠦᠭᠡᠯ ᠬᠠᠶᠢᠷᠠᠯᠠᠳᠠᠭ᠃ ᠲᠠᠷᠤᠢ᠄ ︽ᠨᠠᠢᠮᠠᠨ ᠰᠠᠷ᠎ᠠ ᠶᠢᠨ ᠴᠡᠴᠡᠭ ᠮᠡᠳᠤ ᠨᠠᠶᠢᠭᠤᠨ ᠲᠡᠯᠭᠡᠷᠡᠵᠤ ᠵᠢᠷᠭ᠎ᠠ᠂ ᠨᠠᠮᠰᠠᠷᠠᠢ ᠶᠢᠨ ᠱᠠᠩ ᠮᠡᠳᠤ ᠲᠦᠭᠦᠷᠡᠩ ᠪᠠᠳᠠᠷᠠᠵᠤ ᠵᠢᠷᠭ᠎ᠠ︕︾ ᠭᠡᠬᠦ ᠮᠡᠳᠤ ᠶᠢᠨ ᠵᠦᠡᠭ ᠪᠡᠯᠭᠡᠳᠤ ᠬᠡᠯᠡᠯᠭᠡ ᠶᠢ ᠲᠤᠰ ᠲᠤᠰ ᠲᠤᠨᠢ ᠬᠡᠯᠡᠨ᠎ᠡ᠃ ᠤᠯᠡᠨ ᠢᠶᠠᠷ ᠢᠶᠠᠨ ᠬᠦᠨᠳᠤᠳᠤ ᠪᠤᠭᠤᠷᠤᠯ ᠨᠠᠰᠤᠳᠡᠨ ᠤ ᠪᠠᠨ ︽ᠨᠠᠰᠤᠨ ᠪᠠᠶᠠᠷ︾ ᠤᠨ ᠴᠠᠢ ᠶᠢ ᠤᠤᠭᠤᠵᠤ᠂ ᠲᠠᠪᠠᠭ ᠲᠡᠭᠡᠷ᠎ᠡ ᠲᠠᠯᠪᠢᠬᠰᠡᠨ ᠲᠦᠷᠪᠡᠨ ᠬᠤᠨᠳᠠᠭᠠᠨ ᠳᠤ ︵ᠡᠳᠤᠭᠡ  ᠳᠤ ᠬᠤᠶᠠᠷ ᠲᠤᠮᠤ ᠬᠤᠨᠳᠠᠭ᠎ᠠ︶ ᠮᠠᠯᠮᠠᠯᠵᠡᠭᠰᠡᠨ ᠨᠠᠩᠴᠢᠳ ᠢ ᠨᠠᠰᠤᠨ ᠪᠠᠶᠠᠷ ᠢᠶᠠᠨ ᠦᠡᠭᠭᠡᠷᠡᠭᠦᠯᠵᠤ ᠪᠦᠭᠦᠢ ᠨᠠᠰᠤᠳᠡᠨ ᠤ ᠬᠡᠰᠢᠭ ᠭᠡᠮᠡᠨ ᠰᠦᠡᠭᠨᠡᠨ ᠪᠠᠷᠢᠵᠤ ᠡᠬᠢᠯᠡᠭᠦᠢ ᠳᠤᠷ ᠢᠷᠦᠭᠡᠯᠴᠢ ᠠᠴᠠ᠄ ᠤᠸ᠋ᠮ ᠰᠠᠶᠢᠨ ᠵᠢᠷᠭᠠᠯᠠᠩ ᠲᠠᠨ ᠪᠤᠯᠳᠤᠭᠠᠢ ᠡᠩᠭᠡ ᠰᠠᠶᠢᠨ ᠵᠢᠷᠭᠠᠯᠠᠩ ᠲᠠᠨ ᠪᠤᠯᠳᠤᠭᠠᠢ︕ ᠴᠠᠭ ᠤᠨ ᠰᠠᠶᠢᠬᠠᠨ ᠦᠯᠵᠠᠢ ᠪᠡᠯᠭᠡ ᠬᠤᠷᠠᠭᠰᠡᠨ ᠴᠠᠭᠠᠨ ᠰᠠᠷ᠎ᠠ ᠶᠢᠨ ᠰᠢᠨ᠎ᠡ ᠶᠢᠨ ×× ᠤ ᠡᠨᠡ ᠡᠳᠤᠷ ᠴᠠᠭᠯᠠᠰᠢ ᠦᠭᠡᠢ ᠪᠠᠶᠠᠷ ᠴᠡᠩᠭᠡᠯ ᠪᠢᠯᠬᠠᠬᠰᠡᠨ ᠴᠠᠰᠤᠨ ᠮᠡᠳᠤ ᠦᠡᠭᠭᠡ ᠲᠤᠨᠤᠮᠠᠯ ᠦᠷᠦᠭᠡᠨ ᠳᠡᠭᠡᠨ ᠦᠮᠤ ᠽᠠᠨᠳᠠ ᠰᠢᠷᠡᠭᠡ ᠶᠦᠭᠡᠨ ᠶᠠᠰᠠᠵᠤ ᠦᠳᠭᠡ ᠰᠢᠭᠦᠰᠤ ᠰᠠᠭᠠᠯᠢᠨ ᠰᠢᠮ᠎ᠡ ᠪᠠᠨ ᠲᠠᠪᠰᠢᠯᠠᠵᠤ ᠭᠡᠢ ᠮᠤᠷᠢ ᠶᠢᠨ ᠰᠦᠯᠳᠡ ᠶᠦᠭᠡᠨ ᠲᠠᠬᠢᠵᠤ ᠬᠦᠵᠢ ᠵᠤᠯᠨ ᠰᠠᠩ ᠰᠦᠯᠭᠡ ᠪᠠᠨ ᠤᠡᠭᠭᠠᠰᠬᠠᠵᠤ ᠬᠦᠷᠦᠯᠴᠡᠨ ᠢᠷᠡᠭᠰᠡᠨ ᠲᠦᠷᠦᠯ ᠲᠦᠮᠡᠰ ᠪᠦᠬᠦᠳᠡ ᠲᠠᠢ ᠪᠠᠨ ᠬᠦᠨᠳᠤ ᠶᠢᠨ ᠶᠤᠰᠤᠭᠠᠷ ᠬᠦᠬᠦᠷ ᠬᠠᠳᠠᠭ ᠢᠶᠠᠨ ᠰᠤᠯᠢᠯᠴᠠᠨ ᠨᠠᠢᠮᠠᠨ ᠵᠦᠭ ᠤᠨ ᠵᠤᠴᠢᠨ ᠬᠡᠶᠢᠴᠢᠨ ᠪᠦᠭᠦᠨ ᠢ ᠨᠠᠶᠢᠷ ᠬᠦᠷ ᠲᠠᠢ ᠲᠤᠭᠤᠷᠭᠠᠳᠤ ᠭᠡᠷ ᠲᠡᠭᠡᠨ ᠰᠠᠭᠠᠳᠠᠭᠤᠯᠵᠤ ᠨᠠᠰᠤᠳᠡᠨ ᠪᠤᠭᠤᠷᠤᠯ ᠠᠪᠤ ︵ᠡᠵᠢ︶ ×× ᠤ ᠪᠠᠨ ᠨᠠᠶᠠᠨ ᠨᠢᠭᠡᠨ ᠤ ᠨᠠᠰᠤᠨ ᠤ ᠦᠨᠳᠤᠷ ᠬᠤᠳᠤᠭ ᠢ ᠪᠡᠯᠭᠡᠯᠡᠵᠤ ᠪᠠᠶᠢᠨ᠎ᠠ᠃ ᠵᠠ᠂ ᠦᠳᠡᠯᠦᠭᠡ ᠪᠤᠭᠤᠷᠤᠯ ᠦᠨᠳᠤᠷ ᠭᠡᠰᠢᠭᠳᠦ ᠨᠠᠰᠤᠳᠡᠨ ᠮᠢᠨᠢ︕ ᠪᠤᠶᠠᠨ ᠭᠡᠰᠢᠭ ᠲᠠᠨᠢ ᠠᠭᠤᠯᠨ ᠮᠡᠳᠤ ᠮᠦᠡᠭᠭᠡᠵᠢᠵᠤ ᠰᠢᠯᠵᠢᠰᠢ ᠦᠭᠡᠢ ᠪᠠᠶᠠᠨ ᠰᠦᠮᠪᠤᠷ ᠬᠠᠶᠢᠷᠬᠠᠨ ᠮᠡᠳᠤ ᠰᠢᠩᠭᠡᠬᠦ ᠤᠯᠠᠭᠠᠨ ᠨᠠᠷᠠᠨ ᠤ ᠠᠯᠳᠡᠨ ᠲᠤᠶᠠᠭ᠎ᠠ ᠮᠡᠳᠤ ᠰᠢᠵᠢᠷ ᠭᠡᠷᠡᠯ ᠢᠶᠠᠨ ᠰᠠᠴᠤᠷᠠᠭᠤᠯᠤᠨ ᠭᠡᠶᠢᠭᠦᠯᠤᠨ ᠡᠩᠭᠡᠵᠢᠬᠦ ᠶᠢᠨ ᠦᠯᠵᠠᠢ ᠪᠡᠯᠭᠡ ᠦᠨᠢᠳᠡ ᠪᠠᠳᠠᠷᠠᠬᠤ ᠪᠤᠯᠳᠤᠭᠠᠢ︕ ᠭᠡᠵᠤ ᠬᠦᠡᠭᠬᠢᠨᠡᠭᠦᠯᠤᠨ ᠢᠷᠤᠭᠡᠵᠤ ᠭᠠᠷᠤᠨ᠎ᠠ᠃ ᠤᠯᠡᠨ ᠢᠶᠠᠷ ᠢᠶᠠᠨ ᠦᠨᠳᠤᠷ ᠨᠠᠰᠤᠳᠡᠨ ᠤ ᠪᠠᠨ ᠭᠡᠰᠢᠭ ᠭᠡᠵᠤ ᠬᠤᠨᠳᠠᠭ᠎ᠠ ᠬᠤᠭᠤᠰᠤᠯᠡᠨ ᠬᠦᠨᠳᠤᠷᠡᠬᠦ ᠳᠡᠭᠡᠨ᠄ ᠪᠤᠭᠤᠷᠤᠯ ᠶᠤ᠋ ᠮᠤᠷᠢᠳᠠᠢ ᠶᠤᠮ ᠪᠤᠯᠢᠭᠠᠷᠢᠨ ᠶᠤ᠋ ᠲᠤᠬᠤᠮ ᠲᠠᠢ ᠶᠤᠮ ᠪᠤᠭᠤᠷᠤᠯ ᠠᠪᠤ ᠶᠢᠨ ᠢᠶᠠᠨ ᠪᠤᠶᠠᠨ ᠭᠡᠰᠢᠭ ᠢ ᠪᠤᠴᠠᠭᠠᠯ ᠦᠭᠡᠢ ᠬᠦᠷᠳᠡᠶ᠎ᠡ ᠳ᠋ᠤᠤ ᠰᠠᠭᠠᠷᠠᠯ ᠶᠤ᠋ ᠮᠤᠷᠢᠳᠠᠢ ᠶᠤᠮ ᠰᠠᠭᠠᠷᠢᠨ ᠶᠤ᠋ ᠲᠤᠬᠤᠮ ᠲᠠᠢ ᠶᠤᠮ ᠰᠠᠨᠴᠢᠭ ᠪᠤᠭᠤᠷᠤᠯ ᠠᠪᠤ ᠶᠢᠨ ᠢᠶᠠᠨ ᠭᠡᠰᠢᠭ ᠢ ᠰᠠᠭᠠᠳᠠᠯ ᠦᠭᠡᠢ ᠬᠦᠷᠳᠡᠶ᠎ᠡ ᠳ᠋ᠤᠤ ᠭᠡᠵᠤ ᠲᠠᠭᠤᠯᠠᠵᠠᠭᠠᠨ ᠤᠯᠠᠭᠠᠨ ᠵᠡᠭᠡᠷᠳᠡ ᠪᠤᠯᠤᠨ ᠬᠠᠯᠠᠰᠴᠠᠭᠠᠵᠤ ᠨᠠᠶᠢᠷ ᠦᠨᠳᠤᠷᠯᠡᠳᠡᠭ᠃ ᠡᠨᠡ ᠨᠤᠳᠤᠭ ᠲᠤ ᠬᠡᠤᠭᠡᠳ ᠤᠨ ᠠᠷᠪᠡᠨ ᠬᠤᠶᠠᠷ ᠪᠦᠭᠦᠯᠢ ᠨᠠᠰᠤ ᠶᠢ ᠲᠤᠰᠬᠠᠢ ᠬᠦᠮᠤᠨ ᠬᠠᠷ᠎ᠠ ᠶᠢ ᠤᠷᠢᠨ ᠵᠠᠯᠠᠵᠤ ᠲᠡᠮᠳᠡᠭᠯᠡᠳᠡᠭ ᠶᠤᠰᠤᠨ ᠬᠠᠷᠠᠬᠠᠨ ᠪᠠᠶᠢᠬᠰᠡᠨ ᠦᠭᠡᠢ᠃ ᠮᠦᠨ ᠬᠦ ᠪᠤᠭᠤᠷᠤᠯ ᠨᠠᠰᠤᠳᠡᠨ ᠤ ᠪᠠᠨ ︽ᠨᠠᠰᠤᠨ ᠪᠠᠶᠠᠷ︾ ᠲᠤ ᠴᠤ ᠵᠦᠭ ᠪᠤᠯᠭᠠᠨ ᠤ ᠬᠦᠮᠤᠨ ᠲᠦᠮᠡᠨ ᠢ ︽ᠤᠯᠠᠭᠠᠨ ᠴᠠᠭᠠᠰᠤ︾ ᠪᠠᠷ ᠢᠶᠠᠨ ᠤᠷᠢᠨ ᠲᠠᠯᠠᠯᠵᠤ ᠰᠤᠷᠳᠤᠭᠤᠯᠵᠤ ᠬᠢᠳᠡᠭ ᠵᠤᠷᠰᠢᠯ ᠶᠡᠷᠤ ᠠᠴᠠ ᠪᠠᠶᠢᠬᠰᠡᠨ ᠦᠭᠡᠢ ᠶᠤᠮᠰᠠᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号